ᠦᠵᠦᠮᠦᠴᠢᠨ ᠤ ᠪᠤᠰᠤᠳ ᠠᠵᠤ ᠠᠬᠤᠢ ᠶᠢᠨ ᠦᠢᠯᠡᠰ ᠪᠣᠯ ᠲᠡᠳᠡᠨ ᠤ ᠠᠵᠤ ᠲᠥᠷᠥᠵᠦ᠂ ᠠᠮᠢᠳᠤᠷᠠᠯ ᠢᠶᠠᠨ | ᠡᠷᠭᠦᠬᠦ ᠳᠤ ᠪᠠᠰᠠ ᠳᠤᠲᠠᠭᠳᠠᠵᠤ ᠪᠣᠯᠣᠰᠢ ᠦᠭᠡᠢ ᠬᠡᠷᠡᠭᠴᠡᠭᠡ ᠲᠠᠢ ᠠᠵᠢᠯ ᠦᠢᠯᠡᠰ ᠤᠳ ᠪᠣᠯᠣᠨ᠎ᠠ᠃ ᠲᠡᠷᠡ ᠨᠢ | ᠲᠡᠳᠡᠨ ᠤ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠬᠥᠭᠵᠢᠯᠲᠡ ᠶᠢᠨ ᠴᠢᠬᠤᠯᠠ ᠨᠥᠬᠦᠪᠦᠷᠢ ᠪᠥᠭᠡᠳ ᠬᠥᠮᠥᠨ | ᠠᠷᠠᠳ ᠤᠨ ᠠᠮᠢᠳᠤᠷᠠᠯ ᠤᠨ ᠳᠡᠭᠵᠢᠷᠡᠯ ᠤᠨ ᠦᠢᠯᠡᠰ ᠤᠨ ᠴᠢᠬᠤᠯᠠ ᠪᠦᠷᠢᠯᠳᠦᠬᠦᠨ ᠪᠣᠯᠣᠨ᠎ᠠ᠃ | ᠲᠡᠭᠦᠨ ᠳᠤ ᠪᠠᠶᠢᠭᠠᠯᠢ ᠶᠢᠨ ᠡᠬᠢ ᠪᠠᠶᠠᠯᠢᠭ ᠢᠶᠠᠨ ᠨᠡᠭᠡᠭᠡᠨ ᠠᠰᠢᠭᠯᠠᠬᠤ᠂ ᠠᠮᠢᠳᠤᠷᠠᠯ ᠤᠨ ᠣᠷᠣᠯᠭ᠎ᠠ ᠪᠠᠨ | ᠨᠡᠮᠡᠭᠳᠡᠭᠦᠯᠬᠦ᠂ ᠣᠯᠠᠨ ᠲᠥᠷᠥᠯ ᠤᠨ ᠠᠵᠤ ᠠᠬᠤᠢ ᠶᠢ ᠬᠥᠭᠵᠢᠭᠦᠯᠬᠦ ᠬᠡᠷᠡᠭᠴᠡᠭᠡ ᠪᠠᠷ ᠡᠷᠬᠢᠯᠡᠨ ᠬᠢᠳᠡᠭ ᠦᠢᠯᠡᠰ | ᠤᠳ ᠪᠠᠭᠲᠠᠳᠠᠭ᠃ | 1. ᠡᠪᠡᠰᠦ ᠬᠠᠳᠤᠬᠤ — ᠦᠵᠦᠮᠦᠴᠢᠨ ᠳᠤ ᠠᠯᠢ ᠡᠷᠲᠡᠨ ᠠᠴᠠ ᠡᠪᠡᠰᠦ ᠶᠢ ᠨᠣᠭᠤᠭᠠᠨ ᠢᠶᠠᠷ ᠨᠢ | ᠬᠠᠳᠤᠵᠤ ᠲᠡᠭᠡᠭᠡᠵᠦ᠂ ᠫᠧᠩ ᠰᠠᠷᠠᠪᠴᠢ ᠳᠠᠭᠠᠨ ᠣᠷᠣᠭᠤᠯᠵᠤ᠂ ᠡᠪᠦᠯ ᠬᠠᠪᠤᠷ ᠤᠨ ᠬᠤᠭᠤᠴᠠᠭᠠᠨ ᠳᠤ ᠪᠠᠭᠤᠷᠠᠢ | ᠳᠣᠷᠣᠢ ᠮᠠᠯ ᠢᠶᠠᠨ ᠡᠪᠡᠰᠦᠯᠡᠬᠦ᠂ ᠤᠨᠤᠯᠭ᠎ᠠ ᠶᠢᠨ ᠮᠣᠷᠢ ᠪᠠᠨ ᠡᠪᠡᠰᠦᠯᠡᠬᠦ ᠶᠢᠨ ᠬᠠᠮᠲᠤ᠂ ᠭᠠᠮᠰᠢᠭ ᠲᠠᠢ ᠲᠡᠮᠡᠴᠡᠵᠦ᠂ | ᠮᠠᠯ ᠢᠶᠠᠨ ᠮᠡᠨᠳᠦ ᠤᠨᠳᠤᠷᠤᠭᠤᠯᠬᠤ ᠶᠢᠨ ᠡᠪᠡᠰᠦ ᠪᠣᠷᠳᠣᠭᠠᠨ ᠤ ᠪᠡᠯᠡᠳᠬᠡᠯ ᠪᠣᠯᠭᠠᠵᠤ ᠢᠷᠠᠵᠠᠢ᠃ ᠡᠭᠦᠨ ᠢ ᠡᠪᠡᠰᠦ | ᠬᠠᠳᠤᠬᠤ ᠭᠡᠳᠡᠭ ᠪᠠ ︽ᠡᠪᠦᠯᠵᠢᠶ᠎ᠡ ᠳᠠᠷᠤᠬᠤ︾ ᠭᠡᠳᠡᠭ᠃ | ︽ᠡᠪᠡᠰᠦ ᠬᠠᠳᠤᠬᠤ︾ ᠪᠣᠯ ᠦᠵᠦᠮᠦᠴᠢᠨ ᠤ ᠨᠡᠶᠢᠭᠡᠮ ᠳᠠᠶᠠᠭᠠᠷ ᠤᠨ ᠨᠠᠮᠤᠷ ᠤᠨ ᠤᠯᠠᠷᠢᠯ ᠤᠨ ᠮᠠᠯ ᠠᠵᠤ | ᠠᠬᠤᠢ ᠶᠢᠨ ᠦᠢᠯᠡᠳᠪᠦᠷᠢᠯᠡᠯ ᠤᠨ ᠬᠢᠵᠦ ᠭᠦᠢᠴᠡᠳᠬᠡᠬᠦ ᠨᠢᠭᠡᠨ ᠵᠠᠩᠭᠢᠯᠠᠭ᠎ᠠ ᠶᠢᠨ ᠴᠢᠨᠠᠷ ᠲᠠᠢ ᠭᠤᠣᠯ ᠠᠵᠢᠯ | ᠪᠣᠯᠣᠨ᠎ᠠ᠃ ᠡᠶᠢᠮᠦ ᠠᠴᠠ ᠡᠪᠡᠰᠦ ᠬᠠᠳᠤᠬᠤ ᠬᠤᠭᠤᠴᠠᠭᠠᠨ ᠳᠤ ᠪᠠᠷᠤᠭ ᠡᠪᠦᠭᠡᠳ ᠨᠠᠰᠤᠲᠠᠨ ᠬᠡᠦᠬᠡᠳ ᠪᠠᠭᠠᠴᠤᠳ | ᠬᠥᠮᠥᠨ ᠪᠦᠷᠢ ᠬᠥᠳᠡᠯᠦᠯᠴᠡᠳᠡᠭ᠃ ᠡᠪᠡᠰᠦ ᠶᠢ ᠥᠩᠭᠡᠷᠡᠭᠰᠡᠨ ᠳᠤ ᠪᠦᠷᠢ ᠰᠠᠩᠳᠦᠦ ᠪᠠᠷ ᠬᠠᠳᠤᠨ᠎ᠠ᠃ ᠡᠨᠡ ᠠᠵᠢᠯ | ᠨᠢ ᠪᠢᠯᠢᠭ ᠤᠨ ᠤᠯᠠᠷᠢᠯ ᠤᠨ 7 ᠰᠠᠷ᠎ᠠ ᠶᠢᠨ ᠰᠡᠭᠦᠯᠴᠢ ᠠᠴᠠ 8 ᠰᠠᠷ᠎ᠠ ᠶᠢᠨ ᠰᠡᠭᠦᠯ ᠬᠦᠷᠲᠡᠯ᠎ᠡ ᠰᠠᠷ᠎ᠠ ᠢᠯᠡᠭᠦᠦ | ᠶᠢᠨ ᠬᠤᠭᠤᠴᠠᠭ᠎ᠠ ᠶᠠᠪᠤᠭᠳᠠᠨ᠎ᠠ᠃ | ᠡᠷᠲᠡᠨ ᠳᠡᠭᠡᠨ ᠦᠵᠦᠮᠦᠴᠢᠨ ᠤ ᠣᠲᠣᠷ ᠨᠡᠭᠦᠳᠡᠯ ᠨᠢ ᠭᠤᠣᠯᠳᠠᠵᠤ᠂ ᠰᠠᠭᠤᠷᠢᠰᠢᠯ ᠳᠤ ᠰᠠᠭᠤᠬᠤ ᠨᠢ | ᠣᠬᠤᠷ ᠪᠠᠶᠢᠭᠰᠠᠨ ᠠᠴᠠ ᠲᠡᠳᠡᠨ ᠤ ᠠᠶᠢᠯ ᠡᠷᠦᠬᠡ ᠶᠢᠨ ᠡᠪᠡᠰᠦ ᠬᠠᠳᠤᠵᠤ ᠣᠷᠣᠭᠤᠯᠵᠤ ᠠᠪᠬᠤ ᠬᠡᠮᠵᠢᠶ᠎ᠡ ᠨᠢ | ᠨᠡᠯᠢᠶᠡᠳ ᠳᠣᠣᠷ᠎ᠠ ᠪᠠᠶᠢᠵᠤ᠂ 5 ᠮᠢᠩᠭ᠎ᠠ ᠠᠴᠠ ᠲᠦᠮᠡᠨ ᠵᠢᠩ ᠠᠴᠠ ᠬᠡᠲᠦᠷᠡᠬᠦ ᠦᠭᠡᠢ ᠪᠠᠶᠢᠵᠠᠢ᠃ ᠡᠪᠡᠰᠦ ᠶᠢ | ᠬᠠᠳᠤᠵᠤ ᠲᠡᠭᠡᠭᠡᠬᠦ ᠨᠢ ᠪᠦᠷ ᠭᠠᠷ ᠦᠢᠯᠡᠳᠪᠦᠷᠢᠯᠡᠯ ᠤᠨ ᠠᠷᠭ᠎ᠠ ᠮᠠᠶ᠋ᠢᠭ ᠢᠶᠠᠷ ᠶᠠᠪᠤᠭᠳᠠᠵᠤ᠂ ᠦᠬᠡᠷ ᠲᠡᠷᠭᠡ᠂ ᠮᠠᠯ | ᠤᠨ ᠬᠦᠴᠦ ᠪᠠᠷ ᠵᠥᠭᠡᠭᠡᠪᠦᠷᠢᠯᠡᠳᠡᠭ ᠪᠠᠶᠢᠭᠰᠠᠨ ᠪᠠᠶᠢᠨ᠎ᠠ᠃ ᠦᠵᠦᠮᠦᠴᠢᠨ ᠤ ᠡᠪᠡᠰᠦ ᠶᠢ ᠨᠣᠭᠤᠭᠠᠨ ᠢᠶᠠᠷ ᠬᠠᠳᠤᠵᠤ | ᠂ ᠮᠠᠯ ᠠᠵᠤ ᠠᠬᠤᠢ ᠳᠤ ᠬᠡᠷᠡᠭᠯᠡᠭᠰᠡᠨ ᠶᠠᠪᠤᠳᠠᠯ ᠪᠣᠯ ᠲᠡᠦᠬᠡ ᠶᠢᠨ ᠶᠡᠭᠡ ᠳᠠᠪᠰᠢᠯᠲᠠ ᠶᠤᠮ᠃ | 2. ᠡᠪᠡᠰᠦ ᠤᠷᠭᠤᠮᠠᠯ ᠢᠶᠠᠷ ᠬᠤᠯᠢᠰᠢᠨ ᠢᠳᠡᠭᠡᠨ ᠦᠢᠯᠡᠳᠪᠦᠷᠢᠯᠡᠬᠦ — ᠲᠣᠰ ᠠᠵᠤ ᠠᠬᠤᠢ ᠨᠢ | ᠦᠵᠦᠮᠦᠴᠢᠨ ᠳᠤ ᠪᠠᠰᠠ ᠲᠣᠩ ᠡᠷᠲᠡ ᠬᠥᠭᠵᠢᠭᠰᠡᠨ ᠪᠠᠶᠢᠵᠠᠢ᠃ ᠡᠪᠡᠰᠦ ᠤᠷᠭᠤᠮᠠᠯ ᠢ ᠬᠤᠯᠢᠰᠢᠨ ᠢᠳᠡᠭᠡᠨ ᠳᠤ | ᠬᠡᠷᠡᠭᠯᠡᠬᠦ ᠪᠣᠯᠣᠭᠰᠠᠨ ᠨᠢ ᠨᠤᠲᠤᠭ ᠤᠨ ᠭᠠᠷᠤᠯᠲᠠ ᠪᠠᠨ ᠭᠦᠢᠴᠡᠳ ᠪᠦᠷᠢᠨ ᠠᠰᠢᠭᠯᠠᠵᠤ᠂ ᠠᠮᠢᠳᠤᠷᠠᠯ ᠳᠤ | ᠨᠥᠬᠦᠪᠦᠷᠢ ᠢᠳᠡᠰᠢ ᠪᠣᠯᠭᠠᠭᠰᠠᠨ ᠢᠶᠠᠷ ᠪᠠᠷᠠᠬᠤ ᠦᠭᠡᠢ᠂ ᠨᠡᠩ ᠴᠢᠬᠤᠯᠠ ᠨᠢ ᠤᠷᠭᠤᠮᠠᠯ ᠤᠨ ᠪᠦᠲᠦᠴᠡ ᠳᠤ | ᠰᠢᠨᠵᠢᠯᠡᠬᠦ ᠤᠬᠠᠭᠠᠨᠴᠢ ᠠᠵᠢᠭᠯᠠᠯᠲᠠ ᠬᠢᠵᠦ᠂ ᠤᠷᠭᠤᠮᠠᠯ ᠤᠨ ᠳᠣᠲᠣᠷᠠᠬᠢ ᠥᠨᠳᠥᠷ ᠦᠨ᠎ᠡ ᠥᠷᠳᠡᠭ ᠲᠠᠢ ᠬᠤᠪᠣᠷ | ᠴᠤᠬᠠᠭ ᠡᠷᠳᠡᠨᠢ ᠶᠢ ᠢᠯᠡᠷᠡᠭᠦᠯᠵᠡᠢ᠃ ᠡᠨᠡ ᠨᠢ ᠢᠳᠡᠭᠡᠨ ᠤ ᠰᠣᠶᠣᠯ ᠤᠨ ᠲᠡᠭᠦᠯᠳᠡᠷᠵᠢᠭᠦᠯᠦᠯᠲᠡ ᠶᠢ ᠠᠬᠢᠭᠤᠯᠵᠤ᠂ | ᠲᠥᠷᠥᠯ ᠵᠦᠢᠯ ᠤᠨ ᠬᠡᠷᠡᠭᠴᠡᠭᠡᠨ ᠤ ᠥᠷᠲᠡᠭ ᠢ ᠳᠡᠭᠡᠭᠰᠢᠯᠡᠭᠦᠯᠦᠭᠰᠡᠨ ᠪᠠᠶᠢᠨ᠎ᠠ᠃ | ᠦᠵᠦᠮᠦᠴᠢᠨ ᠮᠣᠩᠭᠤᠯᠴᠤᠳ ᠪᠢᠯᠢᠭ ᠤᠨ ᠤᠯᠠᠷᠢᠯ ᠤᠨ 4 ᠰᠠᠷ᠎ᠠ ᠶᠢᠨ ᠰᠡᠭᠦᠯ 5 ᠰᠠᠷ᠎ᠠ ᠶᠢᠨ ᠡᠬᠢᠨ ᠳᠤ᠂ | ᠬᠠᠵᠠᠭᠠᠷ ᠭᠤᠭᠤᠳ ᠲᠡᠭᠦᠵᠦ ᠲᠡᠳᠡᠨ ᠤ ᠪᠦᠬᠦ ᠵᠢᠯ ᠤᠨ ᠬᠡᠷᠡᠭᠯᠡᠬᠦ ᠭᠤᠭᠤᠳ ᠢᠶᠠᠨ ᠳᠠᠪᠤᠰᠤᠯᠠᠵᠤ ᠳᠠᠷᠤᠵᠤ ᠠᠪᠳᠠᠭ | ᠃ ᠭᠤᠭᠤᠳ ᠦᠵᠦᠮᠦᠴᠢᠨ ᠤ ᠠᠭᠤᠯᠠᠷᠬᠠᠭ ᠣᠷᠣᠨ ᠳᠤ ᠶᠡᠭᠡ ᠤᠷᠭᠤᠨ᠎ᠠ᠃ ᠭᠤᠭᠤᠳ ᠪᠠᠩᠰᠢ ᠢᠳᠡᠬᠦ ᠳᠤ | ᠣᠨᠴᠣᠭᠤᠢ ᠰᠠᠶᠢᠬᠠᠨ ᠬᠤᠯᠢᠰᠢ ᠪᠣᠯᠳᠠᠭ᠃ ᠵᠠᠭᠤᠰᠢ ᠢᠳᠡᠬᠦ ᠳᠤ ᠣᠨᠴᠠ ᠳᠡᠰ ᠤᠨ ᠨᠣᠭᠤᠭ᠎ᠠ ᠪᠠᠶᠢᠳᠠᠭ᠃ | ᠭᠤᠭᠤᠳ ᠢ ᠪᠣᠳᠣᠩ ᠰᠠᠪᠠ ᠪᠠᠷ ᠳᠦᠭᠦᠷᠡᠩ ᠳᠠᠪᠤᠰᠤᠯᠠᠵᠤ ᠳᠠᠷᠤᠵᠤ ᠲᠠᠯᠪᠢᠭᠠᠳ᠂ ᠢᠳᠡᠬᠦ ᠳᠡᠭᠡᠨ ᠴᠠᠭ ᠤᠨ | ᠬᠤᠭᠤᠯᠠ ᠳᠤ ᠵᠠᠭᠤᠬᠤ᠂ ᠮᠠᠯ ᠤᠨ ᠭᠡᠳᠡᠰᠦ ᠳᠣᠲᠣᠷ ᠴᠢᠳᠬᠤᠬᠤ ᠳᠤ ᠬᠢᠬᠦ ᠵᠡᠷᠭᠡ ᠮᠠᠰᠢ ᠣᠯᠠᠨ ᠲᠥᠷᠥᠯ ᠤᠨ | ᠬᠤᠭᠤᠯᠠ ᠳᠤ ᠣᠷᠣᠳᠠᠭ ᠮᠠᠰᠢ ᠦᠨᠦᠷ ᠠᠮᠲᠠ ᠲᠠᠢ ᠢᠳᠡᠭᠡᠨ ᠪᠠᠶᠢᠳᠠᠭ᠃ 5 ~ 6 ᠰᠠᠷ᠎ᠠ ᠳᠤ ᠰᠢᠷ᠎ᠠ ᠴᠡᠴᠡᠭ | ᠲᠡᠭᠦᠵᠦ ᠬᠠᠲᠠᠭᠠᠵᠤ ᠠᠪᠳᠠᠭ᠃ 7 ~ 8 ᠰᠠᠷ᠎ᠠ ᠳᠤ ᠴᠠᠭᠠᠨ ᠮᠥᠭᠦ ᠲᠡᠭᠦᠵᠦ ᠬᠤᠷᠢᠶᠠᠵᠤ ᠠᠪᠳᠠᠭ᠃ ᠡᠭᠦᠨ | ᠠᠴᠠ ᠭᠠᠳᠠᠨ᠎ᠠ ᠲᠡᠳᠡ ᠪᠠᠰᠠ ᠨᠣᠶᠠᠨ ᠰᠣᠩᠭᠢᠨ᠎ᠠ᠂ ᠦᠮᠡᠬᠡᠢ᠂ ᠰᠣᠩᠭᠢᠨ᠎ᠠ᠂ ᠲᠠᠭᠠᠨ᠎ᠠ᠂ ᠬᠦᠮᠡᠯᠢ᠂ ᠮᠠᠩᠭᠢᠷ᠂ | ᠬᠠᠶᠢᠯᠠᠭᠠᠷ᠂ ᠰᠣᠷᠢᠰᠤ ᠁ ᠲᠡᠭᠦᠵᠦ ᠡᠯ᠎ᠡ ᠵᠦᠢᠯ ᠤᠨ ᠨᠣᠭᠤᠭ᠎ᠠ ᠵᠠᠭᠤᠰᠢ ᠬᠢᠵᠦ ᠢᠳᠡᠳᠡᠭ᠃ ᠪᠠᠰᠠ ᠰᠠᠷᠠᠨ᠎ᠠ᠂ | ᠠᠵᠠᠭᠠᠨᠢ᠂ ᠰᠣᠶᠤᠭ᠎ᠠ᠂ ᠦᠷᠢᠯ᠂ ᠮᠣᠶᠢᠯ᠂ ᠳᠣᠯᠤᠭᠠᠨᠠ᠂ ᠨᠣᠬᠠᠢ ᠶᠢᠨ ᠬᠤᠰᠢᠭᠤ᠂ ᠤᠯᠠᠭᠠᠨ᠎ᠠ᠂ ᠴᠠᠶᠢᠷ ᠤᠨ | ᠦᠵᠦᠮ᠂ ᠣᠬᠤᠨᠠᠢ᠂ ᠲᠡᠮᠡᠭᠡᠨ ᠭᠦᠬᠦ ᠵᠡᠷᠭᠡ ᠵᠢᠮᠢᠰ ᠢ ᠲᠡᠭᠦᠵᠦ ᠠᠰᠢᠭᠯᠠᠳᠠᠭ᠃ ᠭᠦᠢᠯᠡᠰᠦ ᠲᠡᠭᠦᠵᠦ ᠲᠣᠰᠣ | ᠴᠠᠶᠢᠯᠭᠠᠬᠤ᠂ ᠦᠷᠢᠯ ᠤᠨ ᠴᠠᠢ᠂ ᠰᠦᠳᠦ ᠶᠢᠨ ᠴᠠᠢ᠂ ᠵᠡᠭᠡᠷ ᠤᠨ ᠴᠠᠢ ᠲᠡᠭᠦᠵᠦ ᠪᠣᠯᠪᠠᠰᠤᠷᠠᠭᠤᠯᠬᠤ ᠮᠡᠷᠭᠡᠵᠢᠯ | ᠪᠠᠰᠠ ᠳᠡᠯᠭᠡᠷᠡᠵᠦ ᠪᠠᠶᠢᠵᠠᠢ᠃ | ᠨᠡᠩ ᠴᠦ ᠡᠮᠲᠦ ᠤᠷᠭᠤᠮᠠᠯ ᠢ ᠲᠡᠭᠦᠵᠦ ᠮᠣᠩᠭᠤᠯ ᠡᠮ ᠦᠢᠯᠡᠳᠪᠦᠷᠢᠯᠡᠨ ᠨᠠᠶᠢᠷᠠᠭᠤᠯᠵᠤ᠂ ᠬᠥᠮᠥᠨ ᠤ ᠡᠯ᠎ᠡ | ᠵᠦᠢᠯ ᠤᠨ ᠡᠪᠡᠳᠴᠢᠨ ᠢ ᠡᠮᠴᠢᠯᠡᠨ ᠵᠠᠰᠠᠵᠤ ᠠᠨᠠᠭᠠᠬᠤ᠂ ᠮᠠᠯ ᠤᠨ ᠡᠯ᠎ᠡ ᠵᠦᠢᠯ ᠤᠨ ᠡᠪᠡᠳᠴᠢᠨ ᠢ ᠡᠮᠴᠢᠯᠡᠨ | ᠵᠠᠰᠠᠬᠤ᠂ ᠡᠮ ᠲᠠᠩ ᠢ ᠥᠪᠡᠷ ᠲᠡᠭᠡᠨ ᠨᠠᠶᠢᠷᠠᠭᠤᠯᠤᠨ ᠦᠢᠯᠡᠳᠪᠦᠷᠢᠯᠡᠳᠡᠭ ᠪᠠᠶᠢᠵᠠᠢ᠃ | ᠦᠵᠦᠮᠦᠴᠢᠨ ᠤ ᠡᠪᠡᠰᠦ ᠤᠷᠭᠤᠮᠠᠯ ᠤᠨ ᠵᠦᠢᠯ ᠢ ᠪᠣᠯᠪᠠᠰᠤᠷᠠᠭᠤᠯᠵᠤ᠂ ᠠᠮᠢᠳᠤᠷᠠᠯ ᠦᠢᠯᠡᠳᠪᠦᠷᠢᠯᠡᠯ ᠳᠤ | ᠬᠡᠷᠡᠭᠯᠡᠭᠰᠡᠨ ᠨᠢ ᠪᠦᠷ ᠠᠵᠤ ᠠᠬᠤᠢ ᠶᠢᠨ ᠴᠢᠨᠠᠷ ᠲᠠᠢ᠂ ᠮᠡᠷᠭᠡᠵᠢᠯ ᠤᠨ ᠴᠢᠨᠠᠷ ᠲᠠᠢ ᠭᠠᠷ ᠦᠢᠯᠡᠳᠪᠦᠷᠢᠯᠡᠯ᠂ ᠠᠵᠤ | ᠠᠬᠤᠢ ᠶᠢᠨ ᠠᠵᠢᠯᠯᠠᠭ᠎ᠠ ᠪᠠᠶᠢᠵᠠᠢ᠃ | ︽ᠦᠵᠦᠮᠦᠴᠢᠨ ᠮᠣᠩᠭᠤᠯᠴᠤᠳ︾ ᠭᠤ᠂ ᠷᠠᠬᠸ᠎ᠠ | |