ᠦᠵᠦᠮᠦᠴᠢᠨ ᠤ ᠤᠯᠠᠮᠵᠢᠯᠠᠯᠲᠤ ᠮᠠᠯ ᠠᠵᠤ ᠠᠬᠤᠢ
ᠨᠡᠶᠢᠲᠡᠯᠡᠭᠰᠡᠨ ᠴᠠᠭ᠄
2017/3/6
     ᠮᠠᠯ ᠠᠵᠤ ᠠᠬᠤᠢ ᠪᠣᠯ ᠮᠣᠩᠭᠤᠯ ᠦᠨᠳᠦᠰᠦᠲᠡᠨ ᠤ ᠡᠷᠲᠡ ᠳᠡᠭᠡᠳᠦ ᠠᠴᠠ ᠪᠠᠨ ᠡᠵᠡᠩᠨᠡᠵᠦ᠂ ᠦᠢᠯᠡᠳᠪᠦᠷᠢᠯᠡᠵᠦ᠂ ᠬᠥᠭᠵᠢᠭᠦᠯᠵᠦ᠂ ᠲᠡᠭᠦᠯᠳᠡᠷᠵᠢᠭᠦᠯᠵᠦ ᠢᠷᠡᠭᠰᠡᠨ ᠴᠣᠷ ᠤᠨ ᠭᠠᠭᠴᠠ ᠦᠨᠳᠦᠰᠦᠨ ᠠᠵᠤ ᠠᠬᠤᠢ ᠮᠥᠨ᠃ ᠮᠣᠩᠭᠤᠯᠴᠤᠳ ᠤᠨ ᠤᠯᠤᠰ ᠭᠦᠷᠦᠨ ᠤ ᠪᠠ ᠦᠨᠳᠦᠰᠦᠲᠡᠨ ᠤ ᠤᠯᠤᠰ ᠠᠷᠠᠳ ᠤᠨ ᠠᠵᠤ ᠠᠬᠤᠢ ᠶᠢᠨ ᠰᠠᠭᠤᠷᠢ ᠮᠥᠨ᠃      ᠦᠵᠦᠮᠦᠴᠢᠨ ᠮᠣᠩᠭᠤᠯᠴᠤᠳ ᠲᠡᠦᠬᠡᠨ ᠠᠴᠠ ᠠᠪᠤᠭᠠᠳ ᠣᠳᠣ ᠪᠣᠯᠲᠠᠯ᠎ᠠ ᠥᠪᠡᠷ ᠤᠨ ᠦᠨᠳᠦᠰᠦᠲᠡᠨ ᠤ ᠠᠵᠤ ᠠᠬᠤᠢ ᠪᠠᠨ ᠵᠠᠯᠭᠠᠮᠵᠢᠯᠠᠵᠤ᠂ ᠬᠠᠮᠠᠭᠠᠯᠠᠵᠤ᠂ ᠬᠥᠭᠵᠢᠭᠦᠯᠵᠦ᠂ ᠲᠡᠭᠦᠯᠳᠡᠷᠵᠢᠭᠦᠯᠵᠦ᠂ ᠲᠡᠭᠦᠨ ᠢᠶᠠᠷ ᠥᠪᠡᠷ ᠎ ᠤᠨ ᠣᠷᠣᠰᠢᠨ ᠲᠣᠭᠲᠠᠨᠢᠯ ᠤᠨ ᠰᠠᠭᠤᠷᠢ ᠪᠠᠨ ᠪᠣᠯᠭᠠᠵᠤ ᠢᠷᠡᠭᠰᠡᠨ ᠪᠠᠶᠢᠨ᠎ᠠ᠃ ᠡᠶᠢᠮᠦ ᠠᠴᠠ ᠲᠡᠳᠡᠨ ᠤ ᠣᠷᠣᠨ ᠨᠤᠲᠤᠭ ᠤᠨ ᠰᠠᠭᠤᠷᠢ ᠠᠵᠤ ᠠᠬᠤᠢ ᠨᠢ ᠮᠠᠯ ᠠᠵᠤ ᠠᠬᠤᠢ ᠪᠠᠶᠢᠭᠰᠠᠭᠠᠷ ᠁      ᠦᠵᠦᠮᠦᠴᠢᠨ ᠤ ᠮᠠᠯ ᠠᠵᠤ ᠠᠬᠤᠢ ᠪᠣᠯ ᠮᠣᠩᠭᠤᠯ ᠤᠨ ᠮᠠᠯ ᠠᠵᠤ ᠠᠬᠤᠢ ᠶᠢᠨ ᠲᠡᠦᠬᠡ ᠶᠢᠨ ᠤᠭ ᠳᠦᠷᠰᠦ ᠪᠠᠨ ᠪᠦᠷᠢᠨ ᠬᠠᠳᠠᠭᠠᠯᠠᠭᠰᠠᠨ ᠰᠠᠭᠤᠷᠢ ᠳᠡᠭᠡᠷ᠎ᠡ ᠴᠢᠨᠠᠭᠰᠢᠳᠠ ᠬᠥᠭᠵᠢᠵᠦ ᠪᠤᠵᠠᠭᠠᠶᠢᠷᠠᠭᠰᠠᠨ ᠴᠡᠪᠡᠷ ᠮᠠᠯ ᠠᠵᠤ ᠠᠬᠤᠢ ᠪᠠᠶᠢᠳᠠᠭ᠃ ᠲᠡᠳᠡᠨ ᠤ ᠮᠠᠯ ᠠᠵᠤ ᠠᠬᠤᠢ ᠶᠢᠨ ᠭᠤᠣᠯ ᠣᠨᠴᠠᠯᠢᠭ ᠨᠢ᠄      ᠨᠢᠭᠡ᠂ ᠦᠵᠦᠮᠦᠴᠢᠨ ᠤ ᠤᠯᠠᠮᠵᠢᠯᠠᠯᠲᠤ ᠮᠠᠯ ᠠᠵᠤ ᠠᠬᠤᠢ ᠶᠢᠨ ᠳᠣᠲᠣᠭᠠᠳᠤ ᠪᠦᠲᠦᠴᠡ ᠨᠢ ᠶᠠᠭ ᠮᠣᠩᠭᠤᠯ ᠤᠨ ᠡᠬᠡ ᠡᠵᠡᠩᠨᠡᠯᠲᠡ ᠶᠢᠨ ᠮᠠᠯ ᠠᠵᠤ ᠠᠬᠤᠢ — ᠲᠠᠪᠤᠨ ᠬᠤᠰᠢᠭᠤ ᠮᠠᠯ ᠪᠣᠯᠣᠨ᠎ᠠ᠃ ᠲᠠᠪᠤᠨ ᠬᠤᠰᠢᠭᠤ ᠮᠠᠯ ᠭᠡᠳᠡᠭ ᠨᠢ᠄ ᠠᠳᠤᠭᠤ᠂ ᠦᠬᠡᠷ᠂ ᠲᠡᠮᠡᠭᠡ᠂ ᠬᠤᠨᠢ᠂ ᠢᠮᠠᠭ᠎ᠠ ᠵᠡᠷᠭᠡ ᠲᠠᠪᠤᠨ ᠲᠥᠷᠥᠯ ᠤᠨ ᠮᠠᠯ ᠪᠠᠶᠢᠳᠠᠭ᠃        ᠦᠵᠦᠮᠦᠴᠢᠨ ᠮᠣᠩᠭᠤᠯᠴᠤᠳ ᠲᠠᠪᠤᠨ ᠬᠤᠰᠢᠭᠤ ᠮᠠᠯ ᠢ ᠡᠵᠡᠩᠨᠡᠨ ᠮᠠᠯᠵᠢᠭᠰᠠᠨ ᠨᠢ᠂ ᠲᠠᠪᠤᠨ ᠬᠤᠰᠢᠭᠤ ᠮᠠᠯ ᠪᠣᠯ ᠮᠣᠩᠭᠤᠯ ᠤᠨ ᠣᠩᠭᠤᠨ ᠪᠠᠶᠢᠭᠠᠯᠢ ᠶᠢᠨ ᠣᠨᠴᠤᠭᠤᠢ ᠠᠭᠤᠷ ᠠᠮᠢᠰᠬᠤᠯ᠂ ᠭᠠᠵᠠᠷ ᠵᠦᠢ ᠵᠢᠴᠢ ᠨᠡᠭᠦᠳᠡᠯ ᠎ ᠤᠨ ᠮᠠᠯᠵᠢᠯ᠂ ᠰᠦᠷᠦᠭᠯᠡᠭᠰᠡᠨ ᠡᠵᠡᠩᠨᠡᠯᠲᠡ᠂ ᠪᠡᠯᠴᠢᠭᠡᠷ ᠤᠨ ᠠᠷᠠᠴᠢᠯᠠᠭ᠎ᠠ ᠵᠡᠷᠭᠡ ᠪᠤᠰᠤᠳᠴᠢ ᠨᠥᠬᠦᠴᠡᠯ ᠳᠤ ᠲᠣᠬᠢᠷᠠᠳᠠᠭ ᠠᠴᠠ ᠪᠣᠯᠵᠠᠢ᠃ ᠨᠡᠩ ᠴᠦ ᠦᠵᠦᠮᠦᠴᠢᠨ ᠤ ᠣᠷᠴᠢᠨ ᠠᠬᠤᠢ ᠳᠤ ᠲᠠᠪᠤᠨ ᠬᠤᠰᠢᠭᠤ ᠮᠠᠯ ᠰᠠᠶ᠋ᠢ ᠲᠤᠬᠠᠢ ᠶᠢᠨ ᠦᠶ᠎ᠡ ᠶᠢᠨ ᠮᠠᠯᠴᠢᠨ ᠡᠷᠦᠬᠡ ᠶᠢᠨ ᠮᠠᠯᠵᠢᠯᠭ᠎ᠠ ᠶᠢᠨ ᠬᠡᠯᠪᠡᠷᠢ ᠳᠤ ᠵᠣᠬᠢᠴᠠᠵᠤ᠂ ᠲᠡᠳᠡᠨ ᠤ ᠡᠯᠪᠡᠭ ᠪᠠᠶᠠᠯᠢᠭ ᠨᠥᠬᠦᠴᠡᠯ ᠲᠠᠢ ᠠᠮᠢᠳᠤᠷᠠᠯ ᠤᠨ ᠬᠢᠷᠢ ᠬᠡᠮᠵᠢᠶ᠎ᠡ ᠶᠢ ᠡᠭᠦᠳᠴᠦ ᠴᠢᠳᠠᠬᠤ ᠪᠦᠷᠢᠨ ᠴᠢᠳᠠᠪᠬᠢ ᠲᠠᠢ ᠠᠵᠤ ᠠᠬᠤᠢ ᠪᠣᠯᠬᠤ ᠶᠢ ᠰᠢᠨᠵᠢᠯᠡᠨ ᠲᠠᠨᠢᠭᠰᠠᠨ ᠳᠤ ᠣᠷᠣᠰᠢᠨ᠎ᠠ᠃ ᠡᠶᠢᠮᠦ ᠠᠴᠠ ᠦᠵᠦᠮᠦᠴᠢᠨ ᠮᠣᠩᠭᠤᠯᠴᠤᠳ ᠳᠡᠭᠡᠷᠡᠬᠢ ᠨᠥᠬᠦᠴᠡᠯ ᠳᠤ ᠥᠯᠥ ᠵᠣᠬᠢᠴᠠᠬᠤ ᠭᠡᠷ ᠤᠨ ᠲᠡᠵᠢᠭᠡᠪᠦᠷᠢ — ᠡᠯᠵᠢᠭᠡ᠂ ᠭᠠᠭ᠋ᠠᠢ᠂ ᠲᠠᠬᠢᠶ᠎ᠠ ᠵᠡᠷᠭᠡ ᠶᠢ ︽ᠮᠠᠯ︾ ᠭᠡᠵᠦ ᠵᠥᠪᠰᠢᠶᠡᠷᠡᠳᠡᠭ ᠦᠭᠡᠢ ᠪᠥᠭᠡᠳ ᠦᠷᠡᠵᠢᠭᠦᠯᠦᠨ ᠲᠡᠵᠢᠭᠡᠳᠡᠭ ᠦᠭᠡᠢ᠃ ᠲᠡᠳᠡ ᠡᠳᠡᠭᠡᠷ ᠭᠡᠷ ᠤᠨ ᠲᠡᠵᠢᠭᠡᠪᠦᠷᠢ ᠶᠢ ᠰᠠᠭᠤᠷᠢᠰᠢᠯ ᠣᠷᠣᠨ ᠤ ᠠᠮᠢᠳᠤᠷᠠᠯ ᠢᠶᠠᠨ ᠡᠪᠯᠡᠭᠦᠯᠬᠦ ᠳᠠᠭᠠᠯᠳᠤᠪᠤᠷᠢ ᠠᠵᠤ ᠠᠬᠤᠢ᠂ ᠲᠡᠵᠢᠭᠡᠪᠦᠷᠢ ᠎ ᠶᠢᠨ ᠵᠦᠢᠯ ᠢᠶᠠᠷ ᠦᠵᠡᠳᠡᠭ᠃ ᠲᠡᠳᠡᠨ ᠤ ᠢᠩᠭᠢᠵᠦ ᠦᠵᠡᠬᠦ ᠨᠢ ᠣᠷᠴᠢᠨ ᠠᠬᠤᠢ ᠶᠢᠨ ᠪᠠᠶᠢᠭᠠᠯᠢ ᠶᠢᠨ ᠰᠢᠯᠢᠯᠲᠡ ᠎ ᠶᠢᠨ ᠦᠷ᠎ᠡ ᠳ᠋ᠦᠩ ᠠᠴᠠ ᠪᠣᠯᠵᠠᠢ᠃ ᠲᠡᠷᠡ ᠨᠢ ᠮᠣᠩᠭᠤᠯ ᠤᠨ ᠤᠯᠠᠮᠵᠢᠯᠠᠯᠲᠤ ᠮᠠᠯ ᠠᠵᠤ ᠠᠬᠤᠢ ᠪᠢᠰᠢ ᠪᠥᠭᠡᠳ ᠨᠡᠩ ᠦᠵᠦᠮᠦᠴᠢᠨ ᠨᠤᠲᠤᠭ ᠤᠨ ᠪᠠᠶᠢᠭᠠᠯᠢ ᠶᠢᠨ ᠨᠥᠬᠦᠴᠡᠯ ᠵᠢᠴᠢ ᠨᠡᠭᠦᠳᠡᠯ ᠤᠨ ᠮᠠᠯ ᠠᠵᠤ ᠠᠬᠤᠢ ᠶᠢᠨ ᠡᠵᠡᠩᠨᠡᠯᠲᠡ ᠳᠤ ᠵᠣᠬᠢᠴᠠᠵᠤ ᠴᠢᠳᠠᠬᠤ ᠦᠭᠡᠢ ᠳᠤ ᠪᠠᠶᠢᠳᠠᠭ᠃ ᠡᠶᠢᠮᠦ ᠪᠣᠯᠬᠤᠷ ᠦᠵᠦᠮᠦᠴᠢᠨ ᠤ ᠮᠠᠯ ᠠᠵᠤ ᠠᠬᠤᠢ ᠎ ᠶᠢᠨ ᠪᠦᠲᠦᠴᠡ ᠪᠣᠯ ᠲᠤᠬᠠᠢ ᠶᠢᠨ ᠦᠶ᠎ᠡ ᠶᠢᠨ ᠲᠡᠳᠡᠨ ᠤ ᠪᠠᠶᠢᠭᠠᠯᠢ᠂ ᠦᠢᠯᠡᠳᠪᠦᠷᠢᠯᠡᠬᠦ ᠬᠦᠴᠦᠨ ᠤ ᠬᠢᠷᠢ ᠬᠡᠮᠵᠢᠶ᠎ᠡ ᠎ ᠳᠤ ᠵᠣᠬᠢᠴᠠᠭᠰᠠᠨ ︽ᠲᠠᠪᠤᠨ ᠬᠤᠰᠢᠭᠤ ᠮᠠᠯ︾ ᠪᠠᠶᠢᠭᠰᠠᠨ ᠶᠤᠮ᠃      ᠬᠤᠶᠠᠷ᠂ ᠦᠵᠦᠮᠦᠴᠢᠨ ᠮᠣᠩᠭᠤᠯᠴᠤᠳ ᠤᠨ ᠡᠵᠡᠩᠨᠡᠭᠰᠡᠨ ᠲᠠᠪᠤᠨ ᠬᠤᠰᠢᠭᠤ ᠮᠠᠯ ᠤᠨ ᠣᠨᠴᠠᠯᠢᠭ ᠨᠢ ᠪᠠᠰᠠ ᠥᠪᠡᠷᠮᠢᠴᠡ ᠪᠠᠶᠢᠳᠠᠭ᠃ ᠲᠡᠷᠡ ᠨᠢ ᠡᠷᠲᠡᠨ ᠤ ᠮᠣᠩᠭᠤᠯ ᠲᠥᠷᠥᠯ ᠤᠭᠰᠠᠭ᠎ᠠ ᠶᠢᠨ ᠮᠠᠯ ᠤᠨ ᠤᠭ ᠴᠢᠨᠠᠷ ᠎ ᠢᠶᠠᠨ ᠭᠦᠢᠴᠡᠳ ᠬᠠᠳᠠᠭᠠᠯᠠᠭᠰᠠᠨ᠂ ᠴᠡᠪᠡᠷ ᠤᠳᠤᠮ ᠤᠨ ᠮᠣᠩᠭᠤᠯ ᠮᠠᠯ ᠮᠥᠨ᠃      ᠭᠡᠪᠡᠴᠦ᠂ ᠤᠷᠲᠤ ᠬᠤᠭᠤᠴᠠᠭᠠᠨ ᠤ ᠲᠤᠷᠰᠢᠬᠢ ᠦᠵᠦᠮᠦᠴᠢᠨ ᠮᠣᠩᠭᠤᠯᠴᠤᠳ ᠤᠨ ᠥᠪᠡᠷᠮᠢᠴᠡ ᠡᠵᠡᠩᠨᠡᠯᠲᠡ᠂ ᠥᠪᠡᠷᠮᠢᠴᠡ ᠰᠤᠳᠤᠯᠤᠯ᠂ ᠥᠪᠡᠷᠮᠢᠴᠡ ᠥᠭᠡᠷᠡᠴᠢᠯᠡᠯᠲᠡ ᠪᠠ ᠥᠪᠡᠷᠮᠢᠴᠡ ᠪᠠᠶᠢᠭᠠᠯᠢ ᠶᠢᠨ ᠣᠨᠴᠠᠯᠢᠭ ᠎ ᠲᠤ ᠵᠣᠬᠢᠴᠠᠭᠤᠯᠤᠨ ᠠᠷᠠᠴᠢᠯᠠᠵᠤ ᠮᠠᠯᠵᠢᠭᠰᠠᠨ ᠠᠴᠠ ᠪᠣᠯᠵᠤ᠂ ᠡᠷᠲᠡᠨ ᠤ ᠮᠣᠩᠭᠤᠯ ᠤᠳᠤᠮ ᠤᠨ ᠮᠠᠯ ᠤᠨ ᠴᠡᠪᠡᠷ ᠤᠭᠰᠠᠭ᠎ᠠ ᠲᠥᠷᠥᠯ ᠢᠶᠠᠨ ᠬᠠᠮᠠᠭᠠᠯᠠᠭᠰᠠᠨ ᠰᠠᠭᠤᠷᠢ ᠳᠡᠭᠡᠷ᠎ᠡ ᠣᠷᠣᠨ ᠨᠤᠲᠤᠭ ᠤᠨ ᠲᠤᠰᠬᠠᠢ ᠣᠨᠴᠠᠯᠢᠭ ᠲᠠᠢ ︽ᠦᠵᠦᠮᠦᠴᠢᠨ ᠡᠭᠦᠯᠳᠡᠷ ᠤᠨ ᠮᠠᠯ︾ ᠪᠣᠯᠣᠨ ᠬᠥᠭᠵᠢᠨ ᠲᠣᠭᠲᠠᠪᠤᠷᠢᠵᠢᠭᠰᠠᠨ ᠪᠠᠶᠢᠨ᠎ᠠ᠃ ᠦᠵᠦᠮᠦᠴᠢᠨ ᠡᠭᠦᠯᠳᠡᠷ ᠎ ᠤᠨ ᠮᠠᠯ ᠳᠤ ︽ᠦᠵᠦᠮᠦᠴᠢᠨ ᠬᠤᠨᠢ︾᠂ ︽ᠦᠵᠦᠮᠦᠴᠢᠨ ᠦᠬᠡᠷ︾᠂ ︽ᠦᠵᠦᠮᠦᠴᠢᠨ ᠠᠳᠤᠭᠤ︾᠂ ︽ᠬᠢᠩᠭ᠎ᠠ ᠢᠮᠠᠭ᠎ᠠ︾ ᠲᠤᠰ ᠲᠤᠰ ᠲᠠᠭᠠᠨ ᠪᠠᠶᠢᠳᠠᠭ ᠪᠥᠭᠡᠳ ᠪᠦᠷ ︽ᠣᠷᠣᠨ ᠨᠤᠲᠤᠭ ᠤᠨ ᠰᠢᠯᠢᠳᠡᠭ ᠡᠭᠦᠯᠳᠡᠷ︾  ᠎ ᠤᠨ ᠮᠠᠯ ᠪᠣᠯᠣᠨ᠎ᠠ᠃      ᠦᠵᠦᠮᠦᠴᠢᠨ ᠬᠤᠨᠢ — ᠦᠵᠦᠮᠦᠴᠢᠨ ᠡᠭᠦᠯᠳᠡᠷ ᠤᠨ ᠮᠠᠯ ᠳᠤ᠂ ᠦᠵᠦᠮᠦᠴᠢᠨ ᠬᠤᠨᠢ ᠡᠷᠲᠡᠨ ᠠᠴᠠ ᠪᠠᠨ ᠬᠠᠮᠤᠭ ᠤᠨ ᠶᠡᠭᠡ ᠨᠡᠷ᠎ᠡ ᠠᠯᠳᠠᠷ ᠲᠠᠢ᠃ ᠦᠵᠦᠮᠦᠴᠢᠨ ᠬᠤᠨᠢ ᠶᠢ ᠪᠠᠰᠠ ᠦᠵᠦᠮᠦᠴᠢᠨ ᠪᠦᠳᠦᠭᠦᠨ ᠰᠡᠭᠦᠯᠲᠦ ᠬᠤᠨᠢ ᠭᠡᠳᠡᠭ᠃ ᠦᠵᠦᠮᠦᠴᠢᠨ ᠬᠤᠨᠢ ᠣᠷᠣᠨ ᠨᠤᠲᠤᠭ ᠤᠨ ᠰᠢᠯᠢᠳᠡᠭ ᠡᠭᠦᠯᠳᠡᠷ ᠤᠨ ᠬᠤᠨᠢ ᠪᠠᠷ ᠪᠠᠷᠠᠬᠤ ᠦᠭᠡᠢ᠂ ᠤᠯᠤᠰ ᠤᠨ ᠳᠣᠲᠣᠭᠠᠳᠤ ᠭᠠᠳᠠᠭᠠᠳᠤ ᠳᠤ ᠪᠦᠷ ᠠᠯᠳᠠᠷ ᠨᠡᠷ᠎ᠡ ᠲᠠᠢ᠃ ᠦᠵᠦᠮᠦᠴᠢᠨ ᠬᠤᠨᠢᠨ ᠤ ᠲᠠᠷᠬᠠᠯᠲᠠ ᠶᠢᠨ ᠬᠡᠪᠴᠢᠶ᠎ᠡ ᠨᠢ ᠲᠤᠶᠢᠯ ᠤᠨ ᠥᠷᠭᠡᠨ ᠪᠠᠶᠢᠳᠠᠭ᠃ ᠥᠪᠥᠷ ᠮᠣᠩᠭᠤᠯ ᠤᠨ ᠵᠡᠭᠦᠨ ᠬᠡᠰᠡᠭ ᠣᠷᠣᠨ ᠢᠶᠠᠷ ᠨᠡᠶᠢᠳᠡᠮ ᠲᠠᠷᠬᠠᠳᠠᠭ ᠢᠶᠠᠷ ᠪᠠᠷᠠᠬᠤ ᠦᠭᠡᠢ ᠬᠠᠯᠬ᠎ᠠ ᠮᠣᠩᠭᠤᠯ ᠳᠤ ᠴᠦ ᠥᠷᠭᠡᠨ ᠬᠡᠪᠴᠢᠶ᠎ᠡ ᠪᠠᠷ ᠲᠠᠷᠬᠠᠵᠤ ᠪᠠᠶᠢᠳᠠᠭ᠃ ᠦᠵᠦᠮᠦᠴᠢᠨ ᠬᠤᠨᠢ ᠶᠢ ᠪᠠᠷᠤᠭ ᠳᠡᠯᠡᠬᠡᠢ ᠨᠡᠶᠢᠲᠡ ᠪᠠᠷ ᠢᠶᠠᠨ ᠪᠦᠷ ᠮᠡᠳᠡᠳᠡᠭ ᠪᠥᠭᠡᠳ ᠠᠽᠢᠶ᠎ᠠ ᠲᠢᠪ ᠤᠨ ᠤᠯᠤᠰ ᠣᠷᠣᠨ ᠢᠶᠠᠷ ᠪᠣᠷᠣᠯᠠᠭᠤᠯᠵᠤ ᠭᠠᠷᠭᠠᠳᠠᠭ᠃      ᠦᠵᠦᠮᠦᠴᠢᠨ ᠬᠤᠨᠢᠨ ᠤ ᠲᠤᠬᠠᠢ ᠰᠢᠨᠵᠢᠯᠡᠬᠦ ᠤᠬᠠᠭᠠᠨ ᠤ ᠰᠤᠳᠤᠯᠤᠯ ᠴᠦ ᠡᠳᠦᠷ ᠢᠷᠡᠬᠦᠶ᠎ᠡ ᠭᠦᠨᠵᠡᠭᠡᠶᠢᠷᠡᠵᠦ ᠪᠠᠶᠢᠨ᠎ᠠ᠃ ᠳᠤᠮᠳᠠᠳᠤ ᠮᠣᠩᠭᠤᠯ ᠵᠡᠷᠭᠡ ᠤᠯᠤᠰ ᠪᠦᠷ ᠦᠵᠦᠮᠦᠴᠢᠨ ᠬᠤᠨᠢ ᠶᠢ ᠥᠷᠭᠡᠨ ᠬᠡᠮᠵᠢᠶ᠎ᠡ ᠎ ᠪᠠᠷ ᠰᠤᠳᠤᠯᠵᠠᠢ᠃ ᠥᠪᠥᠷ ᠮᠣᠩᠭᠤᠯ ᠳᠤ ᠦᠵᠦᠮᠦᠴᠢᠨ ᠬᠤᠨᠢᠨ ᠤ ᠰᠤᠳᠤᠯᠭ᠎ᠠ ᠨᠡᠩ ᠭᠦᠨᠵᠡᠭᠡᠶᠢᠷᠡᠵᠡᠢ᠃ ᠠᠯᠢ ᠡᠷᠲᠡ ᠪᠦᠷ ᠦᠵᠦᠮᠦᠴᠢᠨ ᠬᠤᠨᠢᠨ ᠳᠤ ᠬᠢᠨᠠᠨ ᠲᠣᠭᠲᠠᠭᠠᠯ ᠬᠢᠵᠦ ᠪᠠᠷᠢᠮᠵᠢᠶ᠎ᠠ ᠲᠣᠭᠲᠠᠭᠠᠵᠠᠢ᠃ ᠡᠭᠦᠨ ᠳᠤ ᠡᠷᠳᠡᠮᠲᠡᠨ ᠫ᠊᠂ ᠲᠡᠮᠦᠷ ᠤᠨ ᠪᠢᠴᠢᠭᠰᠡᠨ ︽ᠦᠵᠦᠮᠦᠴᠢᠨ ᠬᠤᠨᠢ︾ ᠭᠡᠳᠡᠭ ᠲᠤᠰᠬᠠᠢ ᠨᠣᠮ᠂ ᠦᠵᠦᠮᠦᠴᠢᠨ ᠬᠤᠨᠢ ᠎ ᠶᠢ ᠨᠡᠯᠢᠶᠡᠳ ᠲᠥᠪᠯᠡᠷᠡᠩᠭᠦᠢ ᠰᠤᠳᠤᠯᠤᠭᠰᠠᠨ ᠨᠡᠶᠢᠲᠡᠯᠢᠭ ᠴᠢᠨᠠᠷ ᠲᠠᠢ ᠡᠷᠳᠡᠮ ᠰᠢᠨᠵᠢᠯᠡᠭᠡᠨ ᠤ ᠵᠣᠬᠢᠶᠠᠯ ᠪᠣᠯᠣᠨ᠎ᠠ᠃      ᠦᠵᠦᠮᠦᠴᠢᠨ ᠬᠤᠨᠢ ᠪᠣᠯ ᠦᠵᠦᠮᠦᠴᠢᠨ ᠤ ᠣᠩᠭᠤᠨ ᠪᠠᠶᠢᠭᠠᠯᠢ ᠶᠢᠨ ᠰᠢᠯᠢᠳᠡᠭ ᠪᠦᠲᠦᠭᠡᠭᠳᠡᠬᠦᠨ᠂ ᠪᠠᠭᠠᠲᠤᠷᠯᠢᠭ ᠮᠠᠯᠴᠢᠳ ᠤᠨ ᠬᠢᠨᠢ ᠣᠢ ᠤᠬᠠᠭᠠᠨ ᠭᠠᠷᠮᠠᠭᠠᠢ ᠬᠥᠳᠡᠯᠮᠦᠷᠢ ᠶᠢᠨ ᠬᠢᠨᠢ ᠭᠠᠶᠢᠬᠠᠮᠰᠢᠭᠲᠤ ᠦᠷ᠎ᠡ ᠪᠦᠲᠦᠭᠡᠯ ᠮᠥᠨ᠃ ᠡᠶᠢᠮᠦ ᠠᠴᠠ ᠦᠵᠦᠮᠦᠴᠢᠨ ᠬᠤᠨᠢ᠂ ᠨᠢᠭᠡ ᠳᠤ᠂ ᠰᠡᠷᠢᠭᠦᠨ ᠪᠦᠰᠡ ᠶᠢᠨ ᠭᠠᠩ ᠬᠠᠭᠤᠷᠠᠢ ᠡᠬᠡ ᠬᠠᠭᠤᠷᠠᠢ ᠶᠢᠨ ᠴᠢᠨᠠᠷᠲᠠᠢ ᠬᠦᠢᠲᠡᠨ ᠰᠡᠷᠢᠭᠦᠨ ᠠᠭᠤᠷ ᠠᠮᠢᠰᠬᠤᠯ ᠳᠤ ᠣᠨᠴᠤᠭᠤᠢ ᠵᠣᠬᠢᠴᠠᠵᠤ᠂ ᠡᠰᠨᠢᠨ ᠠᠮᠢᠳᠤᠷᠠᠬᠤ ᠠᠮᠢᠵᠢᠷᠠᠯ ᠤᠨ ᠣᠨᠴᠤᠭᠤᠢ ᠴᠢᠳᠠᠪᠤᠷᠢ ᠲᠠᠢ ᠪᠠᠶᠢᠳᠠᠭ᠃ ᠬᠤᠶᠠᠷ ᠲᠤ᠂ ᠪᠡᠶ᠎ᠡ ᠪᠢᠯᠳᠠᠷ ᠬᠦᠳᠡᠷ ᠴᠢᠭᠢᠷᠠᠭ ᠦᠷᠡᠵᠢᠵᠦ ᠥᠰᠬᠦ ᠪᠠᠷ ᠡᠯᠪᠡᠭ᠂ ᠬᠥᠭᠵᠢᠯᠲᠡ ᠶᠢᠨ ᠢᠷᠡᠭᠡᠳᠦᠢ ᠪᠠᠷ ᠰᠠᠶᠢᠨ ᠪᠠᠶᠢᠳᠠᠭ᠂ ᠭᠤᠷᠪᠠ ᠳᠤ᠂ ᠮᠠᠯᠵᠢᠵᠤ ᠠᠷᠠᠴᠢᠯᠠᠬᠤ ᠳᠤ ᠬᠢᠯᠪᠠᠷ ᠬᠥᠳᠡᠯᠮᠦᠷᠢ ᠬᠦᠴᠦ ᠵᠠᠷᠤᠴᠠᠭᠤᠯᠬᠤ ᠥᠷᠲᠡᠭ ᠪᠠᠭ᠎ᠠ᠂ ᠭᠠᠷᠭᠠᠯᠲᠠ ᠥᠨᠳᠥᠷ ᠦᠷ᠎ᠡ ᠠᠰᠢᠭ ᠶᠡᠭᠡ ᠪᠠᠶᠢᠳᠠᠭ᠃ ᠳᠥᠷᠪᠡ ᠳᠤ᠂ ᠮᠢᠬ᠎ᠠ ᠰᠦ᠂ ᠤᠩᠭᠠᠰᠤ ᠠᠷᠠᠰᠤ ᠶᠢᠨ ᠣᠨᠴᠠ ᠬᠡᠷᠡᠭᠴᠡᠭᠡ ᠵᠡᠷᠭᠡ ᠎ ᠪᠠᠷ ᠤᠶᠠᠯᠳᠤᠭᠰᠠᠨ ᠣᠯᠠᠨ ᠲᠠᠯᠠᠰᠲᠤ ᠴᠢᠨᠠᠷ ᠲᠠᠢ᠃ ᠲᠠᠪᠤ ᠳᠤ᠂ ᠣᠯᠠᠨ ᠢᠶᠠᠷ ᠰᠦᠷᠦᠭᠯᠡᠨ ︵ᠮᠢᠩᠭ᠎ᠠ ᠪᠠᠷ︶ ᠪᠡᠯᠴᠢᠭᠡᠷ ᠢᠶᠠᠷ ᠮᠠᠯᠯᠠᠵᠤ ᠰᠢᠯᠵᠢᠨ ᠣᠲᠣᠷᠯᠠᠵᠤ ᠡᠵᠡᠩᠨᠡᠳᠡᠭ ᠨᠡᠭᠦᠳᠡᠯ ᠤᠨ ᠮᠠᠯ ᠠᠵᠤ ᠠᠬᠤᠢ ᠳᠤ ᠬᠠᠮᠤᠭ ᠠᠴᠠ ᠲᠣᠬᠢᠷᠠᠮᠵᠢ ᠲᠠᠢ ᠪᠠᠶᠢᠳᠠᠭ᠃ ᠲᠡᠷᠡ ᠳᠡᠯᠡᠬᠡᠢ ᠶᠢᠨ 200 ᠢᠯᠡᠭᠦᠦ ᠡᠭᠦᠯᠳᠡᠷ ᠬᠤᠨᠢᠨ ᠤ ᠳᠣᠲᠣᠷ᠎ᠠ ᠥᠭᠡᠬᠦ ᠮᠢᠬᠠᠨ ᠎ ᠤ ᠭᠠᠷᠤᠯᠲᠠ ᠪᠠᠷ ᠰᠣᠳᠣ ᠳᠤ ᠣᠷᠣᠳᠠᠭ ᠰᠢᠯᠢᠳᠡᠭ ᠡᠭᠦᠯᠳᠡᠷ ᠤᠨ ᠬᠤᠨᠢ ᠶᠤᠮ᠃      ᠮᠠᠯ ᠠᠵᠤ ᠠᠬᠤᠢ ᠶᠢᠨ ᠰᠤᠳᠤᠯᠤᠯ ᠤᠨ ᠮᠠᠲ᠋ᠧᠷᠢᠶᠠᠯ ᠢ ᠦᠨᠳᠦᠰᠦᠯᠡᠪᠡᠯ᠄ ︽ᠦᠵᠦᠮᠦᠴᠢᠨ ᠬᠤᠨᠢ ᠪᠣᠯ ᠪᠡᠶ᠎ᠡ ᠪᠠᠷ ᠪᠦᠳᠦᠭᠦᠨ ᠪᠥᠭᠡᠳ ᠥᠨᠳᠦᠷᠯᠢᠭ᠂ ᠬᠡᠰᠡᠭ ᠦᠵᠦᠮᠦᠴᠢᠨ ᠬᠤᠨᠢᠨ ᠤ ᠬᠠᠪᠢᠷᠭ᠎ᠠ ᠶᠢᠨ ᠶᠠᠰᠤ ᠨᠢ ᠪᠤᠰᠤᠳ ᠬᠤᠨᠢᠨ ᠠᠴᠠ ᠨᠢᠭᠡ ᠬᠤᠣᠰ ᠢᠯᠡᠭᠦᠦ ᠪᠠᠶᠢᠳᠠᠭ᠃ ᠬᠦᠵᠦᠭᠦᠦ ᠲᠣᠯᠣᠭᠠᠢ ᠨᠢ ᠵᠣᠬᠢᠰᠲᠠᠢ᠂ ᠴᠡᠭᠡᠵᠢ ᠨᠢ ᠭᠦᠨ ᠪᠥᠭᠡᠳ ᠠᠭᠤᠵᠢᠮ᠂ ᠰᠡᠭᠡᠷ ᠨᠢᠷᠤᠭᠤ ᠨᠢ ᠲᠡᠭᠰᠢᠬᠡᠨ᠂ ᠰᠡᠭᠦᠵᠢ ᠶᠢᠨ ᠬᠡᠰᠡᠭ ᠨᠢ ᠪᠣᠶᠢᠵᠢᠯᠲᠠ ᠰᠠᠶᠢᠲᠠᠢ᠂ ᠰᠡᠭᠦᠯ ᠨᠢ ᠥᠷᠭᠡᠨ ᠪᠥᠭᠡᠳ ᠵᠤᠵᠠᠭᠠᠨ᠂ ᠬᠥᠨᠳᠡᠯᠡᠨ ᠤᠷᠲᠤᠯᠵᠢᠨ ᠬᠡᠯᠪᠡᠷᠢ ᠲᠠᠢ᠃ ᠬᠡᠰᠡᠭ ᠬᠤᠴᠠ ᠨᠢ ᠡᠪᠡᠷ ᠲᠠᠢ ᠂ ᠡᠮ᠎ᠡ ᠬᠤᠨᠢᠨ ᠤ ᠣᠯᠠᠩᠬᠢ ᠨᠢ ᠡᠪᠡᠷ ᠦᠭᠡᠢ᠃ ᠁ ᠣᠯᠠᠩᠬᠢ ᠨᠢ ᠬᠠᠷ᠎ᠠ ᠲᠦᠷᠦᠭᠦᠦ᠂ ᠰᠢᠷ᠎ᠠ ᠲᠦᠷᠦᠭᠦᠦ ᠎ ᠲᠠᠢ ᠪᠣᠯᠣᠨ᠎ᠠ᠃︾      ᠪᠦᠳᠦᠭᠦᠨ ᠬᠤᠴᠠ ᠶᠢᠨ ᠪᠡᠶ᠎ᠡ ᠶᠢᠨ ᠬᠦᠨᠳᠦ ᠨᠢ ᠳᠤᠮᠳᠠᠴᠢ ᠪᠠᠷ 70kg᠂ ᠡᠮ᠎ᠡ ᠬᠤᠨᠢᠨ ᠤ ᠪᠡᠶ᠎ᠡ ᠶᠢᠨ ᠬᠦᠨᠳᠦ ᠨᠢ ᠳᠤᠮᠳᠠᠴᠢ ᠪᠠᠷ 55kg᠂ ᠠᠯᠠᠰᠢᠨ ᠤ ᠨᠣᠷᠮ᠎ᠠ ᠨᠢ 55.8%᠂ ᠥᠭᠡᠬᠦᠨ ᠤ ᠨᠣᠷᠮ᠎ᠠ ᠨᠢ 11.2%᠂ ᠴᠤᠯ ᠮᠢᠬᠠᠨ ᠤ ᠨᠣᠷᠮ᠎ᠠ ᠨᠢ 46.7%᠂ ᠦᠷᠡᠵᠢᠯᠲᠡ ᠶᠢᠨ ᠨᠣᠷᠮ᠎ᠠ ᠨᠢ 95% ᠪᠣᠯᠣᠨ᠎ᠠ᠃ ᠪᠦᠳᠦᠭᠦᠨ ᠬᠤᠴᠠ ᠠᠴᠠ ᠳᠤᠮᠳᠠᠴᠢ ᠪᠠᠷ 2kg ᠨᠣᠣᠰᠣ ᠬᠠᠶᠢᠴᠢᠯᠠᠵᠤ᠂ ᠡᠮ᠎ᠡ ᠬᠤᠨᠢ ᠪᠦᠷᠢ ᠠᠴᠠ ᠲᠡᠭᠰᠢᠳᠬᠡᠭᠡᠳ 1.5kg ᠨᠣᠣᠰᠣ ᠬᠠᠶᠢᠴᠢᠯᠠᠨ᠎ᠠ᠃ 6 ᠰᠠᠷ᠎ᠠ ᠪᠣᠯᠣᠭᠰᠠᠨ ᠬᠤᠷᠠᠭᠠᠨ ᠤ ᠠᠮᠢᠳᠤ ᠶᠢᠨ ᠬᠦᠨᠳᠦ ᠨᠢ ᠳᠤᠮᠳᠠᠴᠢ ᠪᠠᠷ42.3kg ᠎ ᠳᠤ ᠬᠦᠷᠴᠦ᠂ ᠠᠯᠠᠰᠢᠨ ᠤ ᠨᠣᠷᠮ᠎ᠠ ᠨᠢ 49.9% ~ 51%᠎ ᠳᠤ ᠬᠦᠷᠦᠨ᠎ᠡ᠃      ᠦᠵᠦᠮᠦᠴᠢᠨ ᠦᠬᠡᠷ — ᠦᠵᠦᠮᠦᠴᠢᠨ ᠦᠬᠡᠷ ᠪᠣᠯ ᠮᠣᠩᠭᠤᠯ ᠦᠬᠡᠷ ᠤᠨ ᠳᠣᠲᠣᠷᠠᠬᠢ ᠨᠢᠭᠡᠨ ᠣᠷᠣᠨ ᠨᠤᠲᠤᠭ ᠤᠨ ᠰᠢᠯᠢᠳᠡᠭ ᠡᠭᠦᠯᠳᠡᠷ ᠤᠨ ᠦᠬᠡᠷ ᠮᠥᠨ᠃ ᠳᠠᠷᠤᠢ ᠦᠵᠦᠮᠦᠴᠢᠨ ᠨᠤᠲᠤᠭ ᠤᠨ ᠥᠩ ᠰᠢᠮᠡᠯᠢᠭ ᠤᠰᠤ ᠪᠡᠯᠴᠢᠭᠡᠷ ᠳᠡᠭᠡᠷ᠎ᠡ ᠠᠳᠡᠬᠢ ᠮᠠᠯᠴᠢᠨ ᠲᠦᠮᠡᠨ ᠣᠷᠳᠣ ᠬᠤᠭᠤᠴᠠᠭ᠎ᠠ ᠦᠬᠡᠷ ᠮᠠᠯᠵᠢᠬᠤ ᠶᠠᠪᠤᠴᠠ ᠳᠠᠭᠠᠨ ᠰᠣᠩᠭᠤᠨ ᠪᠣᠶᠢᠵᠢᠭᠤᠯᠤᠭᠰᠠᠨ ᠡᠷᠲᠡᠨ ᠤ ᠣᠷᠣᠨ ᠨᠤᠲᠤᠭ ᠤᠨ ᠰᠢᠯᠢᠳᠡᠭ ᠡᠭᠦᠯᠳᠡᠷ ᠪᠣᠯᠣᠨ᠎ᠠ᠃      ᠦᠵᠦᠮᠦᠴᠢᠨ ᠦᠬᠡᠷ ᠬᠤᠶᠠᠷ ᠦᠵᠦᠮᠦᠴᠢᠨ ᠬᠤᠰᠢᠭᠤᠨ ᠤ ᠥᠷᠭᠡᠨ ᠠᠭᠤᠳᠠᠮ ᠲᠠᠯ᠎ᠠ ᠨᠤᠲᠤᠭ ᠤᠨ ᠤᠯᠠᠭᠠᠢ ᠰᠧᠶᠠᠯᠵᠢ ᠶᠢᠨ ᠭᠤᠣᠯ᠂ ᠵᠢᠭᠠᠰᠤᠲᠠᠢ ᠢᠨᠵᠠᠭᠠᠨ ᠭᠤᠣᠯ᠂ ᠲᠠᠪᠢᠨ ᠭᠤᠷᠣᠬᠠᠨ ᠭᠤᠣᠯ᠂ ᠰᠢᠵᠢᠷᠲᠢ ᠪᠠᠯᠭᠠᠷ ᠭᠤᠣᠯ ᠤᠨ ᠤᠷᠤᠰᠬᠠᠯ ᠳᠠᠭᠠᠤ ᠣᠷᠣᠨ ᠢᠶᠠᠷ ᠭᠤᠣᠯ ᠪᠣᠯᠵᠤ᠂ ᠨᠠᠮᠤᠭ ᠴᠢᠬᠢᠭᠯᠢᠭ ᠭᠠᠵᠠᠷ ᠪᠦᠬᠦᠨ ᠢᠶᠠᠷ ᠨᠡᠶᠢᠳᠡᠮ ᠦᠷᠡᠵᠢᠨ ᠥᠰᠴᠦ ᠪᠠᠶᠢᠳᠠᠭ᠃        ᠦᠵᠦᠮᠦᠴᠢᠨ ᠦᠬᠡᠷ ᠢ ᠰᠢᠨᠵᠢᠯᠡᠬᠦ ᠤᠬᠠᠭᠠᠨᠴᠢ ᠬᠢᠨᠠᠨ ᠲᠣᠭᠲᠠᠭᠠᠭᠰᠠᠨ ᠮᠠᠲ᠋ᠧᠷᠢᠶᠠᠯ ᠠᠴᠠ ᠦᠵᠡᠪᠡᠯ᠂ ᠳᠤᠮᠳᠠ ᠶᠢᠨ ᠪᠡᠶ᠎ᠡ ᠲᠠᠢ᠂ ᠭᠤᠣᠯ ᠪᠡᠶ᠎ᠡ ᠨᠢ ᠭᠦᠨ ᠥᠷᠭᠡᠨ ᠪᠥᠭᠡᠳ ᠤᠷᠳᠤ᠂ ᠴᠡᠭᠡᠵᠢ ᠨᠢ ᠪᠦᠳᠦᠭᠦᠨ᠂ ᠳᠥᠷᠪᠡᠨ ᠮᠥᠴᠢ ᠪᠣᠭᠤᠨᠢ᠂ ᠲᠣᠯᠣᠭᠠᠢ ᠪᠦᠳᠦᠭᠦᠨ᠂ ᠬᠥᠮᠥᠭᠡᠷ ᠡᠪᠡᠷ ᠲᠠᠢ᠂ ᠰᠢᠷᠪᠡᠭᠡ ᠳᠣᠣᠷ᠎ᠠ᠂ ᠣᠮᠣᠷᠤᠤ ᠪᠠᠭ᠎ᠠ ᠂ ᠴᠡᠭᠡᠵᠢ ᠭᠦᠨ ᠪᠥᠭᠡᠳ ᠥᠷᠭᠡᠨ᠂ ᠬᠠᠪᠢᠷᠭ᠎ᠠ ᠰᠠᠷᠪᠠᠭᠠᠷ᠂ ᠪᠥᠭᠰᠡᠨ ᠪᠡᠶ᠎ᠡ ᠢᠪᠴᠤᠤ᠂ ᠲᠠᠰᠢᠶ᠎ᠠ ᠨᠠᠯᠠᠤ᠂ ᠳᠡᠯᠡᠩ ᠥᠷᠭᠡᠨ ᠶᠡᠭᠡ᠂ ᠭᠦᠬᠦᠨ ᠲᠣᠪᠴᠢ ᠵᠢᠵᠢᠭ ᠪᠠᠶᠢᠳᠠᠭ᠃ ᠥᠩᠭᠡ ᠵᠢᠰᠦᠮ ᠨᠢ ᠨᠡᠯᠢᠶᠡᠳ ᠣᠯᠠᠨ᠃ ᠬᠠᠷ᠎ᠠ᠂ ᠤᠯᠠᠭᠠᠨ ᠭᠤᠣᠯ ᠪᠣᠯᠵᠤ᠂ ᠬᠠᠯᠢᠭᠤᠨ᠂ ᠬᠦᠷᠡᠩ᠂ ᠬᠥᠬᠡ ᠴᠠᠭᠠᠨ᠂ ᠲᠠᠷᠯᠠᠨ᠂ ᠠᠯᠠᠭ ᠪᠦᠷ ᠪᠠᠶᠢᠳᠠᠭ᠃      ᠪᠤᠬᠠᠨ ᠤ ᠪᠡᠶ᠎ᠡ ᠶᠢᠨ ᠳᠤᠮᠳᠠᠴᠢ ᠥᠨᠳᠥᠷ ᠨᠢ 116.93cm᠂ ᠳᠤᠮᠳᠠᠴᠢ ᠤᠷᠲᠤ ᠨᠢ 114.67cm ᠂ ᠴᠡᠭᠡᠵᠢᠨ ᠪᠦᠰᠡᠯᠡᠭᠦᠷ ᠨᠢ182.27cm᠂ ᠰᠢᠯᠪᠢ ᠶᠢᠨ ᠪᠦᠰᠡᠯᠡᠭᠦᠷ 18.37cm᠂ ᠪᠡᠶ᠎ᠡ ᠶᠢᠨ ᠬᠦᠨᠳᠦ ᠨᠢ ᠳᠤᠮᠳᠠᠴᠢ ᠪᠠᠷ 475kg ᠪᠠᠶᠢᠵᠤ᠂ ᠦᠨᠢᠶ᠎ᠡ ᠶᠢᠨ ᠳᠤᠮᠳᠠᠴᠢ ᠪᠡᠶ᠎ᠡ ᠶᠢᠨ ᠥᠨᠳᠥᠷ ᠨᠢ 112.1cm᠂ ᠤᠷᠲᠤ ᠎ ᠨᠢ 135.30 cm᠂ ᠰᠢᠯᠪᠢ ᠶᠢᠨ ᠪᠦᠰᠡᠯᠡᠭᠦᠷ ᠨᠢ 16cm᠂ ᠪᠡᠶ᠎ᠡ ᠶᠢᠨ ᠬᠦᠨᠳᠦ ᠨᠢ 370kg ᠪᠠᠶᠢᠳᠠᠭ᠃ ᠵᠤᠨ ᠤ ᠤᠯᠠᠷᠢᠯ ᠤᠨ ᠰᠦᠨ ᠭᠠᠷᠤᠯᠲᠠ ᠨᠢ 450kg ᠪᠠᠶᠢᠵᠤ᠂ ᠰᠦᠨ ᠲᠣᠰᠣᠯᠢᠭ ᠨᠢ 4%᠎ ᠠᠴᠠ ᠳᠡᠭᠡᠭᠰᠢ ᠶᠢ ᠡᠵᠡᠯᠡᠨ᠎ᠡ᠃ ᠨᠠᠰᠤ ᠭᠦᠢᠴᠡᠭᠰᠡᠨ ᠡᠷ᠎ᠡ ᠦᠬᠡᠷ ᠤᠨ ᠠᠯᠠᠰᠢᠨ ᠨᠣᠷᠮ᠎ᠠ 53.7%᠂ ᠥᠭᠡᠬᠦ ᠨᠢ 4.1% ᠪᠠᠶᠢᠳᠠᠭ ᠪᠠᠶᠢᠵᠠᠢ᠃      ᠦᠵᠦᠮᠦᠴᠢᠨ ᠦᠨᠢᠶᠡᠨ ᠤ ᠵᠢᠯ ᠤᠨ ᠦᠷᠡᠵᠢᠯᠲᠡ ᠶᠢᠨ ᠨᠣᠷᠮ᠎ᠠ 160% ᠭᠠᠷᠤᠢ ᠪᠣᠯᠳᠠᠭ ᠪᠥᠭᠡᠳ ᠨᠢᠭᠡ ᠨᠠᠰᠤᠨ ᠳᠠᠭᠠᠨ 8 ~10 ᠲᠤᠭᠤᠯᠯᠠᠬᠤ ᠴᠢᠳᠠᠪᠤᠷᠢ ᠲᠠᠢ᠃ ᠵᠠᠷᠢᠮ ᠪᠢᠷᠠᠭᠤᠨ ᠭᠤᠨᠵᠢ ᠪᠠᠰᠠ ᠦᠷᠡᠵᠢᠳᠡᠭ᠃      ᠦᠵᠦᠮᠦᠴᠢᠨ ᠦᠬᠡᠷ ᠠᠳᠡᠬᠢ ᠡᠬᠡ ᠪᠠᠶᠢᠭᠠᠯᠢ ᠳᠠᠭᠠᠨ ᠵᠣᠬᠢᠴᠠᠬᠤ ᠴᠢᠨᠠᠷ ᠢᠶᠠᠷ ᠰᠠᠶᠢᠨ᠂ ᠬᠦᠢᠲᠡᠨ ᠳᠤ ᠲᠡᠰᠪᠦᠷᠢ ᠲᠠᠢ᠂ ᠬᠠᠯᠠᠭᠤᠨ ᠳᠤ ᠳᠠᠭᠠᠭᠠᠴᠠ ᠲᠠᠢ᠂ ᠪᠦᠳᠦᠭᠦᠯᠢᠭ ᠪᠡᠯᠴᠢᠭᠡᠷ ᠤᠨ ᠢᠳᠡᠰᠢ ᠲᠠᠢ᠂ ᠪᠡᠶ᠎ᠡ ᠬᠦᠳᠡᠷ ᠴᠢᠭᠢᠷᠠᠭ᠂ ᠡᠪᠡᠳᠴᠢᠨ ᠭᠡᠮ ᠢ ᠡᠰᠡᠷᠭᠦᠴᠡᠬᠦ ᠪᠠᠷ ᠰᠠᠶᠢᠨ᠂ ᠪᠠᠶᠢᠭᠠᠯᠢ ᠶᠢᠨ ᠭᠠᠮᠰᠢᠭ ᠵᠤᠳ ᠢ ᠳᠠᠭᠠᠭᠠᠵᠤ ᠰᠦᠷᠦᠭᠯᠡᠨ ᠪᠡᠯᠴᠢᠭᠡᠷᠯᠡᠨ ᠮᠠᠯᠵᠢᠬᠤ ᠳᠠᠭᠠᠨ ᠵᠣᠬᠢᠴᠠᠭᠰᠠᠨ ᠪᠠᠶᠢᠳᠠᠭ ᠪᠥᠭᠡᠳ ᠮᠢᠬ᠎ᠠ ᠰᠦᠨ ᠤ ᠬᠤᠣᠰ ᠬᠡᠷᠡᠭᠴᠡᠭᠡᠲᠦ ᠦᠬᠡᠷ ᠪᠣᠯᠣᠨ᠎ᠠ᠃ ᠦᠵᠦᠮᠦᠴᠢᠨ ᠦᠬᠡᠷ ︽ᠳᠡᠯᠡᠬᠡᠢ ᠶᠢᠨ ᠦᠬᠡᠷ ᠤᠨ ᠡᠭᠦᠯᠳᠡᠷ︾ ᠭᠡᠰᠡᠨ ᠨᠣᠮ ᠎ ᠳᠤ ᠲᠤᠰᠬᠠᠢ ᠲᠠᠨᠢᠯᠴᠠᠭᠤᠯᠤᠭᠳᠡᠭ᠌ᠰᠠᠨ ᠪᠠᠶᠢᠳᠠᠭ ᠶᠤᠮ᠃     ᠦᠵᠦᠮᠦᠴᠢᠨ ᠠᠳᠤᠭᠤ — ᠦᠵᠦᠮᠦᠴᠢᠨ ᠠᠳᠤᠭᠤ ᠪᠣᠯ ᠠᠳᠡᠬᠢ ᠤᠰᠤ ᠪᠡᠯᠴᠢᠭᠡᠷ ᠲᠡᠭᠡᠨ ᠵᠣᠬᠢᠴᠠᠵᠤ ᠦᠷᠡᠵᠢᠵᠦ ᠪᠣᠶᠢᠵᠢᠭᠰᠠᠨ ᠡᠷᠲᠡᠨ ᠤ ᠡᠭᠦᠯᠳᠡᠷ ᠤᠨ ᠠᠳᠤᠭᠤ᠂ ᠮᠣᠩᠭᠤᠯ ᠠᠳᠤᠭᠤᠨ ᠤ ᠳᠣᠲᠣᠷᠠᠬᠢ ᠪᠠᠰᠠ ᠨᠢᠭᠡ ᠣᠷᠣᠨ ᠨᠤᠲᠤᠭ ᠤᠨ ᠰᠢᠯᠢᠳᠡᠭ ᠡᠭᠦᠯᠳᠡᠷ ᠪᠣᠯᠣᠨ᠎ᠠ᠃      ᠦᠵᠦᠮᠦᠴᠢᠨ ᠠᠳᠤᠭᠤᠨ ᠤ ᠥᠩᠭᠡ ᠵᠢᠰᠦᠮ ᠨᠢ ᠣᠯᠠᠨ᠂ ᠬᠤᠶᠢᠲᠤ ᠪᠡᠶ᠎ᠡ ᠶᠢᠨ ᠣᠷᠣᠨ ᠢᠶᠠᠷ ᠨᠢ ᠴᠠᠭᠠᠨ ᠵᠢᠰᠦᠮ ᠤᠨ ᠠᠳᠤᠭᠤ ᠭᠤᠣᠯ ᠲᠠᠢ᠂ ᠡᠮᠦᠨ᠎ᠡ ᠪᠡᠶ᠎ᠡ ᠶᠢᠨ ᠠᠭᠤᠯᠠᠷᠬᠠᠭ ᠭᠠᠵᠠᠷ ᠤᠨ ᠠᠳᠤᠭᠤ ᠶᠢ ᠬᠠᠷ᠎ᠠ ᠬᠡᠭᠡᠷ ᠬᠦᠷᠡᠩ ᠪᠠ ᠬᠤᠯᠠ ᠵᠢᠰᠦᠮ ᠨᠢ ᠠᠷᠪᠢᠨ᠃ ᠨᠡᠶᠢᠳᠡᠮ ᠳᠡᠭᠡᠨ ᠪᠠᠰᠠ ᠠᠯᠠᠭ ᠴᠣᠬᠤᠷ ᠵᠢᠰᠦᠮ ᠤᠨ ᠬᠢ ᠬᠡᠰᠡᠭ ᠬᠡᠰᠡᠭ ᠪᠠᠶᠢᠳᠠᠭ᠃ ᠤᠭ ᠤᠨ ᠦᠵᠦᠮᠦᠴᠢᠨ ᠵᠡᠭᠦᠨ ᠭᠠᠷ ᠪᠠᠶᠢᠯᠠ ᠶᠢᠨ ᠬᠤᠰᠢᠭᠤᠨ ᠤ ᠠᠳᠤᠭᠤᠨ ᠳᠤ ᠵᠢᠷᠤᠭ᠎ᠠ ᠮᠣᠷᠢ ᠶᠡᠭᠡ ᠭᠠᠷᠳᠠᠭ᠃      ᠦᠵᠦᠮᠦᠴᠢᠨ ᠠᠳᠤᠭᠤᠨ ᠤ ᠪᠡᠶ᠎ᠡ ᠪᠦᠳᠦᠭᠦᠨ᠂ ᠳᠡᠯ ᠰᠡᠭᠦᠯ ᠠᠭᠰᠢᠭᠤᠨ᠂ ᠮᠤᠨᠳᠠᠭ᠎ᠠ ᠥᠨᠳᠥᠷ᠂ ᠴᠡᠭᠡᠵᠢ ᠥᠷᠭᠡᠨ ᠮᠥᠷᠲᠡᠭᠡᠨ ᠭᠦᠨ᠂ ᠲᠠᠰᠢᠶ᠎ᠠ ᠰᠠᠷᠪᠠᠩ᠂ ᠪᠣᠷᠪᠢ ᠪᠣᠰᠤᠭ᠎ᠠ᠂ ᠨᠢᠳᠦ ᠬᠤᠷᠴᠠ᠂ ᠴᠢᠬᠢ ᠰᠣᠷᠭᠤᠭ᠂ ᠠᠭᠤᠯᠠᠷᠬᠠᠭ ᠣᠷᠣᠨ ᠤ ᠠᠳᠤᠭᠤ ᠨᠢ ᠲᠤᠭᠤᠷᠠᠢ ᠬᠠᠲᠠᠭᠤ ᠵᠡᠷᠭᠡ ᠣᠨᠴᠠᠯᠢᠭ ᠲᠠᠢ᠃ ᠪᠣᠳᠠᠲᠠᠢ ᠬᠡᠮᠵᠢᠯᠲᠡ ᠶᠢᠨ ᠮᠠᠲ᠋ᠧᠷᠢᠶᠠᠯ ᠠᠴᠠ ᠦᠵᠡᠬᠦ ᠳᠤ᠂ ᠠᠵᠢᠷᠭ᠎ᠠ ᠶᠢᠨ ᠳᠤᠮᠳᠠᠴᠢ ᠪᠡᠶ᠎ᠡ ᠶᠢᠨ ᠥᠨᠳᠥᠷ ᠨᠢ 134.8cm᠂ ᠤᠷᠲᠤ ᠨᠢ 142.8cm᠂ ᠴᠡᠭᠡᠵᠢᠨ ᠪᠦᠰᠡᠯᠡᠭᠦᠷ ᠨᠢ 165.7cm᠂ ᠰᠢᠯᠪᠢ ᠶᠢᠨ ᠪᠦᠰᠡᠯᠡᠭᠦᠷ ᠨᠢ 18.8cm ᠪᠠᠶᠢᠵᠤ᠂ ᠪᠡᠶ᠎ᠡ ᠶᠢᠨ ᠬᠦᠨᠳᠦ ᠨᠢ 374kg ᠪᠣᠯᠣᠨ᠎ᠠ᠃ ᠭᠡᠭᠦᠦ ᠶᠢᠨ ᠳᠤᠮᠳᠠᠴᠢ ᠪᠡᠶ᠎ᠡ ᠶᠢᠨ ᠥᠨᠳᠥᠷ ᠨᠢ 127cm᠂ ᠤᠷᠲᠤ ᠨᠢ 139cm᠂ ᠤᠷᠲᠤ ᠨᠢ139cm᠂ ᠴᠡᠭᠡᠵᠢᠨ ᠪᠦᠰᠡᠯᠡᠭᠦᠷ ᠨᠢ 164.3cm᠂ ᠰᠢᠯᠪᠢ ᠶᠢᠨ ᠪᠦᠰᠡᠯᠡᠭᠦᠷ ᠨᠢ 17.6cm ᠪᠠᠶᠢᠵᠤ᠂ ᠪᠡᠶ᠎ᠡ ᠶᠢᠨ ᠬᠦᠨᠳᠦ ᠨᠢ 364kg ᠪᠣᠯᠣᠨ᠎ᠠ᠃ ᠵᠠᠷᠢᠮ ᠳᠠᠭᠠᠨ ᠲᠠᠭ᠎ᠠ ᠳᠡᠭᠡᠷ᠎ᠡ ᠪᠠᠨ ᠦᠷᠡᠵᠢᠬᠦ ᠴᠢᠳᠠᠪᠤᠷᠢ ᠲᠠᠢ ᠪᠣᠯᠵᠤ᠂ ᠰᠢᠳᠦᠯᠡᠩ ᠪᠠᠶᠢᠳᠠᠰᠤ ᠳᠠᠭᠠᠨ ᠤᠨᠠᠭᠠᠯᠠᠳᠠᠭ ᠪᠣᠢ᠃      ᠦᠵᠦᠮᠦᠴᠢᠨ ᠠᠳᠤᠭᠤ ᠤᠨᠤᠬᠤ ᠳᠤ ᠬᠠᠮᠤᠭ ᠤᠨ ᠲᠣᠬᠢᠷᠠᠮᠵᠢ ᠲᠠᠢ᠂ ᠴᠢᠳᠠᠯ ᠶᠡᠭᠡ᠂ ᠭᠦᠶᠦᠳᠡᠯ ᠬᠤᠷᠳᠤᠨ ᠂ ᠠᠷᠭᠠᠮᠵᠢᠶ᠎ᠠ ᠳᠤ ᠳᠠᠭᠠᠭᠠᠴᠠᠲᠠᠢ᠃ 3200 m᠎ ᠤᠨ ᠵᠠᠢ ᠲᠠᠢ ᠭᠠᠵᠠᠷ ᠢ 5 ᠮᠢᠨᠦ᠋ᠲ 12 ᠰᠧᠺᠦᠨ᠋ᠳ᠋ ᠲᠤ ᠭᠦᠶᠦᠵᠦ ᠢᠷᠡᠳᠡᠭ᠃ ᠵᠢᠳᠬᠦᠬᠦ ᠬᠦᠴᠦ ᠨᠢ 2682kg ᠪᠠᠶᠢᠳᠠᠭ ᠭᠡᠳᠡᠭ᠃ ᠡᠳᠦᠷ ᠲᠤ300 ~500 ᠭᠠᠵᠠᠷ ᠎ ᠤᠨ ᠠᠯᠤᠰ ᠤᠨ ᠠᠶᠠᠨ ᠵᠠᠮ ᠢ ᠲᠤᠭᠤᠯᠵᠤ ᠴᠢᠳᠠᠳᠠᠭ ᠪᠠᠶᠢᠨ᠎ᠠ᠃ ᠥᠭᠡᠷ᠎ᠡ ᠪᠠᠷ ᠬᠡᠯᠡᠪᠡᠯ ᠰᠢᠯᠢ ᠶᠢᠨ ᠬᠤᠲᠠ ᠠᠴᠠ ᠡᠳᠦᠷ ᠲᠡᠭᠡᠨ ᠪᠠᠷᠠᠭᠤᠨ ᠦᠵᠦᠮᠦᠴᠢᠨ ᠬᠤᠰᠢᠭᠤᠨ ᠤ ᠬᠠᠨ ᠠᠭᠤᠯᠠ ᠰᠤᠮᠤᠨ ᠳᠤ ᠬᠦᠷᠴᠦ ᠪᠠᠶᠢᠭᠰᠠᠨ ᠮᠣᠷᠢᠳ ᠲᠡᠦᠬᠡᠨ ᠳᠤ ᠪᠠᠶᠢᠵᠠᠢ᠃      ᠦᠵᠦᠮᠦᠴᠢᠨ ᠢᠮᠠᠭ᠎ᠠ — ᠦᠵᠦᠮᠦᠴᠢᠨ ᠢᠮᠠᠭ᠎ᠠ ᠪᠣᠯ ᠰᠢᠯᠢ ᠶᠢᠨ ᠭᠤᠣᠯ ᠤᠨ ᠢᠮᠠᠭᠠᠨ ᠤ ᠭᠤᠣᠯ ᠪᠦᠷᠢᠯᠳᠦᠬᠦᠨ ᠮᠥᠨ᠃ ᠡᠷᠲᠡᠨ ᠤ ᠮᠣᠩᠭᠤᠯ ᠤᠨ ᠲᠠᠪᠤᠨ ᠬᠤᠰᠢᠭᠤ ᠮᠠᠯ ᠤᠨ ᠨᠢᠭᠡ ᠲᠥᠷᠥᠯ᠂ ᠣᠷᠣᠨ ᠨᠤᠲᠤᠭ ᠎ ᠤᠨ ᠰᠢᠯᠢᠳᠡᠭ ᠡᠭᠦᠯᠳᠡᠷ ᠤᠨ ᠮᠠᠯ ᠪᠣᠯᠣᠨ᠎ᠠ᠃ ᠮᠢᠬ᠎ᠠ ᠨᠣᠯᠤᠤᠷ ᠰᠦ ᠠᠷᠠᠰᠤ ᠶᠢᠨ ᠣᠯᠠᠨ ᠲᠠᠯ᠎ᠠ ᠶᠢᠨ ᠬᠡᠷᠡᠭᠴᠡᠭᠡ ᠎ ᠲᠠᠢ᠃ ᠦᠵᠦᠮᠦᠴᠢᠨ ᠤ ᠠᠭᠤᠯᠠ ᠬᠢᠩᠭ᠎ᠠ ᠶᠡᠭᠡ ᠭᠠᠵᠠᠷ ᠢᠶᠠᠷ ᠲᠣᠩ ᠡᠯᠪᠡᠭ ᠥᠰᠴᠦ ᠦᠷᠡᠵᠢᠳᠡᠭ᠃ ᠡᠶᠢᠮᠦ ᠎ ᠠᠴᠠ ᠲᠡᠭᠦᠨ ᠢ ᠪᠠᠰᠠ ︽ᠬᠢᠩᠭ᠎ᠠ ᠢᠮᠠᠭ᠎ᠠ︾ ᠭᠡᠵᠦ ᠪᠠᠰᠠ ᠨᠡᠷᠡᠯᠡᠳᠡᠭ᠃ ᠣᠷᠣᠨ ᠨᠤᠲᠤᠭ ᠲᠠᠭᠠᠨ ᠵᠣᠬᠢᠴᠠᠵᠤ᠂ ᠥᠰᠦᠯᠲᠡ ᠪᠠᠷ ᠲᠦᠷᠭᠡᠨ᠂ ᠭᠠᠷᠤᠯᠲᠠ ᠪᠠᠷ ᠪᠠᠶᠠᠯᠢᠭ᠂ ᠦᠷ᠎ᠡ ᠠᠰᠢᠭ ᠥᠨᠳᠥᠷ᠂ ᠮᠠᠯᠵᠢᠬᠤ ᠳᠤ ᠠᠮᠠᠷᠬᠠᠨ ᠪᠠᠶᠢᠳᠠᠭ ᠢᠶᠠᠷ ᠨᠢ ᠲᠤᠰ ᠨᠤᠲᠤᠭ ᠤᠨ ᠬᠢᠨ ︽ᠶᠠᠭᠠᠷᠠᠭᠰᠠᠨ ᠬᠥᠮᠥᠨ ᠢᠮᠠᠭ᠎ᠠ ᠲᠡᠵᠢᠭᠡ︕︾ ᠭᠡᠯᠴᠡᠳᠡᠭ᠃      ᠦᠵᠦᠮᠦᠴᠢᠨ ᠢᠮᠠᠭᠠᠨ ᠤ ᠥᠩᠭᠡ ᠵᠢᠰᠦ ᠨᠢ ᠪᠠᠰᠠ ᠣᠯᠠᠨ᠂ ᠲᠡᠭᠦᠨ ᠳᠤ ᠴᠠᠭᠠᠨ ᠴᠡᠩᠬᠡᠷ ᠵᠢᠰᠦᠮ ᠨᠢ ᠭᠤᠣᠯ ᠪᠣᠯᠵᠤ᠂ ᠬᠠᠷ᠎ᠠ ᠬᠥᠬᠡ ᠤᠷᠠᠭ᠂ ᠠᠯᠠᠭ᠂ ᠴᠣᠬᠤᠷ ᠵᠡᠷᠭᠡ ᠪᠤᠰᠤᠳ ᠵᠢᠰᠦᠮ ᠴᠦ ᠪᠠᠭ᠎ᠠ ᠪᠤᠰᠤ ᠪᠠᠶᠢᠳᠠᠭ᠃      ᠦᠵᠦᠮᠦᠴᠢᠨ ᠢᠮᠠᠭ᠎ᠠ ᠪᠡᠶ᠎ᠡ ᠪᠦᠳᠦᠭᠦᠨ ᠴᠢᠭᠢᠷᠠᠭ᠂ ᠪᠠᠶᠢᠭᠠᠯᠢ ᠳᠠᠭᠠᠨ ᠵᠣᠬᠢᠴᠠᠬᠤ ᠴᠢᠨᠠᠷ ᠢᠶᠠᠷ ᠴᠢᠩᠭ᠎ᠠ᠂ ᠠᠭᠤᠯᠠ ᠬᠢᠩᠭ᠎ᠠ ᠮᠠᠩᠬ᠎ᠠ ᠡᠯᠡᠰᠦ ᠶᠢᠨ ᠪᠦᠳᠦᠭᠦᠯᠢᠭ ᠪᠡᠯᠴᠢᠭᠡᠷ᠂ ᠣᠨᠴᠤᠭᠤᠶᠢᠯᠠᠨ ᠬᠠᠳᠠ ᠰᠤᠪᠠᠭ ᠲᠤ ᠬᠠᠷᠢᠭᠤᠯᠤᠨ ᠮᠠᠯᠵᠢᠬᠤ ᠳᠤ ᠰᠠᠶᠢᠨ ᠪᠠᠶᠢᠳᠠᠭ᠃ ᠡᠪᠡᠳᠴᠢᠨ ᠭᠡᠮ ᠳᠤ ᠨᠡᠷᠪᠡᠭᠳᠡᠬᠦ ᠨᠢ ᠬᠤᠪᠣᠷ᠂ ᠬᠦᠢᠲᠡᠨ ᠳᠤ ᠪᠡᠭᠡᠷᠡᠭ ᠰᠢᠭ ᠪᠣᠯᠪᠠᠴᠤ ᠲᠡᠵᠢᠭᠡᠯᠭᠡ ᠠᠪᠬᠤ ᠨᠢ ᠪᠤᠰᠤᠳ ᠮᠠᠯ ᠠᠴᠠ ᠲᠦᠷᠭᠡᠨ ᠪᠠᠶᠢᠳᠠᠭ᠃      ᠦᠵᠦᠮᠦᠴᠢᠨ ᠢᠮᠠᠭ᠎ᠠ ᠶᠢ ᠬᠢᠨᠠᠨ ᠲᠣᠭᠲᠠᠭᠠᠭᠰᠠᠨ ᠪᠠᠷᠢᠮᠵᠢᠶ᠎ᠠ ᠠᠴᠠ ᠦᠵᠡᠪᠡᠯ ᠤᠬᠤᠨ᠎ᠠ ᠶᠢᠨ ᠳᠤᠮᠳᠠᠴᠢ ᠪᠡᠶ᠎ᠡ ᠶᠢᠨ ᠥᠨᠳᠥᠷ ᠨᠢ 78cm᠂ ᠤᠷᠲᠤ ᠨᠢ 70cm᠂ ᠬᠦᠨᠳᠦ ᠨᠢ 50kg᠂ ᠨᠣᠯᠤᠤᠷ ᠨᠢ 0.75kg᠂ ᠡᠮ᠎ᠡ ᠢᠮᠠᠭ᠎ᠠ ᠨᠢ ᠤᠬᠤᠨ᠎ᠠ ᠠᠴᠠ ᠨᠡᠯᠢᠶᠡᠳ ᠪᠠᠭ᠎ᠠ᠃      ᠨᠣᠯᠤᠤᠷ ᠤᠨ ᠭᠠᠷᠤᠯᠲᠠ ᠨᠢ 0.4kg᠂ ᠰᠦᠨ ᠭᠠᠷᠤᠯᠲᠠ ᠨᠢ 0.15kg᠂ ᠦᠷᠡᠵᠢᠯᠲᠡ ᠶᠢᠨ ᠨᠣᠷᠮ᠎ᠠ ᠎ ᠨᠢ 150% ~160%᠂ ᠠᠯᠠᠰᠢ ᠶᠢᠨ ᠨᠣᠷᠮ᠎ᠠ ᠨᠢ 42% ~ 45%᠂ ᠳᠣᠲᠣᠷ᠎ᠠ ᠥᠭᠡᠬᠦᠨ ᠤ ᠨᠣᠷᠮ᠎ᠠ ᠎ ᠨᠢ8 % ~ 9% ᠪᠣᠯᠣᠨ᠎ᠠ᠃      ᠦᠵᠦᠮᠦᠴᠢᠨ ᠳᠤ ᠢᠮᠠᠭ᠎ᠠ ᠶᠢ ᠵᠤᠨ ᠳᠠᠭᠠᠨ 45 ~50 ᠬᠤᠨᠤᠭ ᠬᠤᠯᠪᠣᠵᠤ ᠰᠠᠭᠠᠳᠠᠭ ᠪᠠᠶᠢᠵᠠᠢ᠃ ᠰᠦ ᠎ ᠪᠠᠷ ᠲᠣᠩ ᠡᠯᠪᠡᠭ ᠠᠮᠢᠲᠠᠨ ᠪᠣᠯᠣᠨ᠎ᠠ᠃ ᠢᠮᠠᠭᠠᠨ ᠰᠦ ᠭᠤᠣᠯ ᠨᠢ ᠠᠶᠢᠷᠠᠭ ᠪᠠᠷᠢᠬᠤ ᠶᠢᠨ ᠭᠤᠣᠯ ᠲᠦᠭᠦᠬᠡᠢ ᠡᠳ᠋ ᠪᠣᠯᠣᠨ᠎ᠠ᠃      ᠲᠡᠮᠡᠭᠡ — ᠦᠵᠦᠮᠦᠴᠢᠨ ᠳᠤ ᠲᠡᠮᠡᠭᠡ ᠪᠤᠰᠤᠳ ᠭᠠᠵᠠᠷ ᠠᠴᠠ ᠴᠥᠭᠡᠨ ᠪᠠᠶᠢᠳᠠᠭ᠃ ᠭᠡᠪᠡᠴᠦ ᠦᠵᠦᠮᠦᠴᠢᠨ ᠎ ᠤ ᠲᠡᠮᠡᠭᠡ ᠪᠡᠶ᠎ᠡ ᠪᠦᠳᠦᠭᠦᠨ ᠨᠣᠣᠰᠣ ᠶᠡᠭᠡ᠂ ᠵᠤᠳ ᠲᠤ ᠳᠠᠭᠠᠭᠠᠴᠠᠲᠠᠢ᠂ ᠦᠵᠡᠮᠵᠢ ᠭᠤᠶᠣ ᠪᠠᠶᠢᠵᠤ᠂ ᠦᠵᠦᠮᠦᠴᠢᠨ ᠤ ᠲᠠᠪᠤᠨ ᠬᠤᠰᠢᠭᠤ ᠮᠠᠯ ᠢ ᠢᠵᠢ ᠪᠦᠷᠢᠯᠳᠦᠭᠦᠯᠦᠭᠰᠡᠨ ᠪᠠᠶᠢᠨ᠎ᠠ᠃        ᠦᠵᠦᠮᠦᠴᠢᠨ ᠤ ᠲᠠᠪᠤᠨ ᠬᠤᠰᠢᠭᠤ ᠮᠠᠯ ᠤᠷᠲᠤ ᠬᠤᠭᠤᠴᠠᠭ᠎ᠠ ᠪᠠᠷ ᠦᠵᠦᠮᠦᠴᠢᠨ ᠤ ᠪᠠᠶᠢᠭᠠᠯᠢ ᠶᠢᠨ ᠪᠣᠳᠠᠲᠤ ᠨᠥᠬᠦᠴᠡᠯ᠂ ᠮᠠᠯᠵᠢᠯ ᠤᠨ ᠠᠷᠭ᠎ᠠ ᠪᠠᠷᠢᠯ᠂ ᠦᠢᠯᠡᠳᠪᠦᠷᠢᠯᠡᠯ ᠬᠦᠴᠦᠨ ᠤ ᠬᠥᠭᠵᠢᠯᠲᠡ ᠶᠢᠨ ᠬᠢᠷᠢ ᠬᠡᠮᠵᠢᠶ᠎ᠡ ᠎ ᠳᠤᠨᠢ ᠲᠣᠬᠢᠷᠠᠵᠤ᠂ ᠬᠥᠮᠥᠨ ᠠᠷᠠᠳ ᠤᠨ ᠬᠢᠨᠢ ᠠᠵᠤ ᠠᠬᠤᠢ ᠶᠢᠨ ᠰᠠᠭᠤᠷᠢ ᠪᠣᠳᠠᠰ ᠤᠨ ᠠᠮᠢᠳᠤᠷᠠᠯ ᠤᠨ ᠬᠢᠨᠢ ᠴᠢᠨᠡᠭᠡᠯᠢᠭ ᠪᠠᠶᠠᠯᠢᠭ ᠤᠨ ᠦᠨᠳᠦᠰᠦ ᠪᠣᠯᠣᠭᠰᠠᠨ ᠠᠴᠠ ᠬᠤᠷᠸ᠎ᠠ ᠶᠢᠨ ᠲᠡᠦᠬᠡᠨ ᠳᠤ ︽ᠦᠵᠦᠮᠦᠴᠢᠨ ᠪᠠᠶᠠᠨ︾ ᠭᠡᠳᠡᠭ ᠰᠠᠶᠢᠬᠠᠨ ᠠᠯᠳᠠᠷ ᠢ ᠳᠠᠭᠤᠷᠢᠰᠬᠠᠵᠠᠢ᠃      ᠭᠤᠷᠪᠠ᠂ ᠦᠵᠦᠮᠦᠴᠢᠨ ᠮᠣᠩᠭᠤᠯᠴᠤᠳ ᠮᠠᠯ ᠠᠵᠤ ᠠᠬᠤᠢ ᠶᠢ ᠡᠵᠡᠩᠨᠡᠬᠦ ᠶᠠᠪᠤᠴᠠ ᠳᠠᠭᠠᠨ ᠲᠠᠪᠤᠨ ᠬᠤᠰᠢᠭᠤ ᠮᠠᠯ ᠢ ᠥᠪᠡᠷᠮᠢᠴᠡ ᠣᠨᠴᠠᠯᠢᠭ ᠴᠢᠳᠠᠪᠬᠢ ᠳᠤᠨᠢ ᠲᠣᠬᠢᠷᠠᠭᠤᠯᠵᠤ ᠲᠤᠰ ᠲᠤᠰ ᠲᠤᠨᠢ ᠠᠰᠢᠭᠯᠠᠨ᠂ ᠠᠳᠠᠯᠢ ᠦᠭᠡᠢ ᠦᠢᠯᠡᠳᠪᠦᠷᠢᠯᠡᠯ ᠠᠮᠢᠳᠤᠷᠠᠯ ᠤᠨ ᠬᠡᠷᠡᠭᠴᠡᠭᠡᠨ ᠳᠤ ᠵᠣᠬᠢᠴᠠᠭᠤᠯᠤᠨ ᠬᠡᠷᠡᠭᠯᠡᠬᠦ ᠪᠣᠯᠵᠠᠢ᠃      ᠲᠡᠷᠡ ᠨᠢ᠂ ᠲᠤᠬᠠᠢ ᠶᠢᠨ ᠦᠶ᠎ᠡ ᠳᠡᠭᠡᠨ ᠲᠠᠪᠤᠨ ᠬᠤᠰᠢᠭᠤ ᠮᠠᠯ ᠢ ᠡᠳ᠋ᠯᠡᠵᠦ ᠬᠡᠷᠡᠭᠯᠡᠬᠦ ᠳᠡᠭᠡᠷ᠎ᠡ ᠳᠠᠪᠰᠢᠭᠰᠠᠨ ᠰᠢᠨᠵᠢᠯᠡᠬᠦ ᠤᠬᠠᠭᠠᠨᠴᠢ ᠬᠡᠷᠡᠭᠴᠡᠭᠡᠨ ᠤ ᠬᠤᠪᠢᠶᠠᠷᠢ ᠪᠣᠯᠣᠭᠰᠠᠨ ᠪᠣᠯᠬᠤᠷ᠂ ᠲᠡᠳᠡᠨ ᠤ ᠤᠷᠲᠤ ᠬᠤᠭᠤᠴᠠᠭᠠᠨ ᠤ ᠦᠢᠯᠡᠳᠪᠦᠷᠢᠯᠡᠯ ᠠᠮᠢᠳᠤᠷᠠᠯ ᠤᠨ ᠠᠵᠢᠯᠯᠠᠭ᠎ᠠ ᠳᠤᠮᠳᠠ ᠮᠠᠯ ᠬᠥᠷᠥᠩᠭᠡ ᠶᠢ ᠠᠰᠢᠭᠯᠠᠵᠤ ᠬᠡᠷᠡᠭᠯᠡᠵᠦ ᠵᠠᠷᠤᠴᠠᠭᠤᠯᠬᠤ ᠎ ᠳᠤ ᠤᠯᠠᠮᠵᠢᠯᠠᠯ ᠬᠡᠪ ᠪᠠᠷᠢᠮᠵᠢᠶ᠎ᠠ ᠪᠣᠯᠵᠤ ᠬᠡᠪᠰᠢᠨ ᠲᠣᠭᠲᠠᠭᠠᠳ᠂ ᠨᠡᠶᠢᠭᠡᠮ ᠤᠨ ᠬᠡᠷᠡᠭᠴᠡᠭᠡᠨ ᠳᠤ ᠲᠠᠬᠢᠨ ᠪᠠᠷᠢᠮᠲᠠᠯᠠᠭᠳᠠᠨ ᠬᠡᠷᠡᠭᠵᠢᠭᠦᠯᠳᠡᠭ ᠠᠷᠭ᠎ᠠ ᠪᠠᠷᠢᠯ ᠪᠣᠯᠣᠭᠰᠠᠨ ᠪᠠᠶᠢᠨ᠎ᠠ᠃        1. ᠦᠵᠦᠮᠦᠴᠢᠨ ᠳᠤ ᠠᠳᠤᠭᠤ ᠶᠢ ᠲᠤᠰᠬᠠᠢ ᠦᠢᠯᠡᠳᠪᠦᠷᠢᠯᠡᠯ᠂ ᠵᠠᠮ ᠨᠡᠪᠲᠡᠷᠡᠯᠭᠡ᠂ ᠳᠠᠶᠢᠨ ᠪᠠᠶᠢᠯᠳᠤᠭᠠᠨ ᠎ ᠤ ᠤᠨᠤᠯᠭ᠎ᠠ ᠳᠤ ᠬᠡᠷᠡᠭᠯᠡᠨ᠎ᠡ᠃ ᠡᠶᠢᠮᠦ ᠠᠴᠠ ᠲᠡᠳᠡ ᠠᠳᠤᠭᠤ ᠶᠢ ᠤᠨᠤᠯᠭ᠎ᠠ ᠠᠴᠠ ᠪᠤᠰᠤᠳ ᠲᠥᠷᠥᠯ ᠳᠤ ᠬᠡᠷᠡᠭᠯᠡᠬᠦ ᠶᠢ ᠴᠡᠭᠡᠷᠯᠡᠳᠡᠭ᠃ ᠮᠣᠷᠢ ᠶᠢ ᠠᠯᠠᠵᠤ ᠢᠳᠡᠬᠦ ᠦᠭᠡᠢ᠂ ᠠᠯᠠᠵᠤ ᠢᠳᠡᠬᠦ ᠶᠢ ︽ᠮᠠᠭᠤ ᠢᠷᠸ᠎ᠠ︾ ᠭᠡᠵᠦ ᠬᠢᠵᠠᠭᠠᠷᠯᠠᠨ᠎ᠠ᠃ ᠪᠠᠰᠠ ᠮᠣᠷᠢ ᠶᠢ ᠡᠩ ᠤᠨ ᠪᠠᠶᠢᠳᠠᠯ ᠤᠨ ᠳᠣᠣᠷ᠎ᠠ ᠬᠥᠯᠬᠦ ᠦᠭᠡᠢ᠃ ᠬᠥᠯᠬᠦ ᠨᠢ ᠪᠠᠷᠤᠭ ᠦᠬᠦᠭᠰᠡᠳ ᠢ ᠣᠷᠣᠰᠢᠭᠤᠯᠬᠤ᠂ ᠥᠭᠬᠦ ᠬᠡᠦᠬᠡᠨ ᠢ ᠮᠣᠷᠳᠠᠭᠤᠯᠬᠤ ᠬᠤᠶᠠᠷ ᠲᠤ ᠬᠦᠨᠳᠦᠳᠬᠡᠯ ᠶᠣᠰᠣᠯᠠᠯ ᠤᠨ ᠡᠭᠦᠳᠡᠨ ᠠᠴᠠ ᠬᠥᠯᠳᠡᠭ ᠪᠠᠶᠢᠵᠠᠢ᠃      ᠦᠵᠦᠮᠦᠴᠢᠨ ᠳᠤ ᠤᠨᠤᠯᠭ᠎ᠠ ᠳᠤ ᠠᠳᠤᠭᠤ ᠶᠢ ᠲᠤᠰᠬᠠᠶᠢᠵᠢᠭᠤᠯᠤᠨ ᠬᠡᠷᠡᠭᠯᠡᠭᠰᠡᠨ ᠨᠢ ᠮᠣᠷᠢ ᠶᠢᠨ ᠲᠤᠰ ᠪᠡᠶ᠎ᠡ ᠶᠢᠨ ᠣᠨᠴᠠ ᠬᠡᠷᠡᠭᠴᠡᠭᠡ ᠪᠠ ᠬᠥᠮᠥᠰ ᠤᠨ ᠦᠢᠯᠡᠳᠪᠦᠷᠢᠯᠡᠯ ᠠᠮᠢᠳᠤᠷᠠᠯ ᠤᠨ ᠤᠨᠤᠯᠭ᠎ᠠ ᠶᠢᠨ ᠬᠡᠷᠡᠭᠴᠡᠭᠡ ᠶᠢ ᠪᠠᠲᠤᠯᠠᠬᠤ ᠴᠢᠬᠤᠯᠠᠴᠢᠯᠠᠭ᠎ᠠ ᠠᠴᠠ ᠪᠣᠯᠣᠭᠰᠠᠨ ᠶᠤᠮ᠃ ᠡᠶᠢᠮᠦ ᠠᠴᠠ ᠦᠵᠦᠮᠦᠴᠢᠨ ᠳᠤ ᠠᠳᠤᠭᠤ ᠶᠢ ᠥᠰᠬᠡᠵᠦ ᠦᠷᠡᠵᠢᠭᠦᠯᠦᠭᠡᠳ ᠭᠡᠭᠦᠦ ᠶᠢ ᠲᠠᠬᠢᠨ ᠦᠢᠯᠡᠳᠪᠦᠷᠢᠯᠡᠬᠦ ᠳᠤ ᠦᠯᠡᠳᠡᠭᠡᠬᠦ ᠠᠴᠠ ᠭᠠᠳᠠᠨ᠎ᠠ ᠠᠭᠲᠠ ᠪᠠᠷ ᠭᠤᠣᠯ ᠪᠣᠯᠭᠠᠵᠤ ︵ᠭᠡᠭᠦᠦ ᠳᠠᠭ᠎ᠠ ᠰᠢᠳᠦᠯᠡᠬᠦ ᠶᠢ ᠴᠦ ᠤᠨᠤᠳᠠᠭ︶᠂ ᠮᠣᠷᠢ ᠶᠢ ᠮᠠᠯ ᠰᠦᠷᠦᠭ ᠤᠨ ᠤᠨᠤᠯᠭ᠎ᠠ᠂ ᠵᠠᠮ ᠬᠠᠷᠢᠯᠴᠠᠭᠠᠨ ᠤ ᠤᠨᠤᠯᠭ᠎ᠠ᠂ ᠠᠩ ᠭᠥᠷᠥᠭᠡᠨ ᠤ ᠤᠨᠤᠯᠭ᠎ᠠ᠂ ᠴᠢᠨᠠᠭᠰᠢᠯᠠᠪᠠᠯ ᠴᠡᠷᠢᠭ ᠳᠠᠶᠢᠨ ᠤ ᠤᠨᠤᠯᠭ᠎ᠠ ᠳᠤ ᠬᠡᠷᠡᠭᠯᠡᠬᠦ ᠪᠠᠷ ᠲᠤᠰᠬᠠᠶᠢᠵᠢᠭᠤᠯᠵᠤ᠂ ᠲᠡᠭᠦᠨ ᠢ ᠡᠳ᠋ᠯᠡᠵᠦ ᠬᠡᠷᠡᠭᠯᠡᠬᠦ ᠲᠥᠷᠥᠯ ᠢ ᠳᠦᠷᠢᠮᠵᠢᠭᠦᠯᠦᠭᠰᠡᠨ ᠪᠠᠶᠢᠨ᠎ᠠ᠃ ᠨᠡᠩ ᠴᠦ ᠮᠠᠯ ᠰᠦᠷᠦᠭ ᠢ ᠰᠦᠷᠦᠭᠯᠡᠨ ᠮᠠᠯᠵᠢᠬᠤ ᠳᠤ ᠮᠣᠷᠢ ᠠᠴᠠ ᠥᠭᠡᠷ᠎ᠡ ᠲᠣᠬᠢᠷᠠᠮᠵᠢ ᠲᠠᠢ ᠤᠨᠤᠭ᠎ᠠ ᠪᠠᠶᠢᠳᠠᠭ ᠦᠭᠡᠢ ᠪᠢᠯᠡ᠃        ᠮᠣᠷᠢᠨ ᠤ ᠬᠡᠷᠡᠭᠴᠡᠭᠡ ᠶᠢ ᠲᠤᠰᠬᠠᠶᠢᠵᠢᠭᠤᠯᠤᠭᠰᠠᠨ ᠪᠠ ᠳᠦᠷᠢᠮᠵᠢᠭᠦᠯᠦᠭᠰᠡᠨ ᠨᠢ ᠮᠣᠷᠢᠨ ᠤ ᠬᠡᠷᠡᠭᠴᠡᠭᠡᠨ ᠤ ᠥᠷᠲᠡᠭ ᠢ ᠳᠡᠭᠡᠭᠰᠢᠯᠡᠭᠦᠯᠵᠦ᠂ ᠠᠳᠤᠭᠤᠨ ᠤ ᠬᠠᠮᠠᠭᠠᠯᠠᠳᠠ ᠶᠢ ᠰᠠᠶᠢᠵᠢᠷᠠᠭᠤᠯᠬᠤ᠂ ᠲᠤᠬᠠᠢ ᠶᠢᠨ ᠦᠶ᠎ᠡ ᠶᠢᠨ ᠠᠳᠤᠭᠤᠨ ᠤ ᠬᠡᠪ ᠤᠨ ᠬᠥᠭᠵᠢᠯᠲᠡ ᠪᠠ ᠨᠡᠶᠢᠭᠡᠮ ᠤᠨ ᠦᠢᠯᠡᠳᠪᠦᠷᠢᠯᠡᠯ ᠠᠮᠢᠳᠤᠷᠠᠯ᠂ ᠵᠠᠮ ᠬᠠᠷᠢᠯᠴᠠᠭ᠎ᠠ ᠵᠡᠷᠭᠡ ᠴᠢᠬᠤᠯᠠ ᠤᠨᠤᠯᠭ᠎ᠠ ᠶᠢᠨ ᠪᠠᠭᠠᠵᠢ ᠶᠢᠨ ᠬᠦᠷᠦᠯᠴᠡᠭᠡ ᠲᠠᠢ ᠪᠠᠶᠢᠬᠤ ᠶᠢ ᠪᠠᠲᠤᠯᠠᠵᠤ ᠴᠢᠳᠠᠵᠠᠢ᠃      ᠲᠤᠬᠠᠢ ᠶᠢᠨ ᠦᠶ᠎ᠡ ᠳᠤ ᠦᠵᠦᠮᠦᠴᠢᠨ ᠳᠤ ᠠᠳᠤᠭᠤ ᠶᠢ ᠲᠠᠪᠤᠨ ᠬᠤᠰᠢᠭᠤ ᠮᠠᠯ ᠤᠨ ᠲᠡᠷᠢᠭᠦᠨ ᠳᠤ ᠪᠠᠶᠢᠷᠢᠯᠠᠭᠤᠯᠵᠤ᠂ ᠮᠣᠷᠢ ᠶᠢ ︽ᠡᠷ᠎ᠡ ᠬᠥᠮᠥᠨ ᠤ ᠬᠡᠶᠢᠮᠣᠷᠢ︾ ᠭᠡᠳᠡᠭ᠃ ᠲᠡᠳᠡ ᠠᠳᠤᠭᠤᠨ ᠤ ᠴᠢᠬᠤᠯᠠ ᠦᠢᠯᠡᠳᠦᠯ ᠢ ᠳ᠋ᠦᠩᠨᠡᠭᠡᠳ ︽ᠮᠣᠷᠢ ᠦᠭᠡᠢ ᠬᠥᠮᠥᠨ ᠮᠣᠬᠤᠳᠠᠭ᠂ ᠦᠬᠡᠷ ᠦᠭᠡᠢ ᠬᠥᠮᠥᠨ ᠦᠬᠦᠳᠡᠭ︾᠂ ︽ᠮᠣᠷᠢ ᠦᠭᠡᠢ ᠡᠮᠡᠭᠡᠯ ᠢᠶᠠᠨ ᠭᠠᠵᠠᠷ ᠲᠠᠯᠪᠢᠵᠤ᠂ ᠬᠤᠷᠮᠣᠢ ᠪᠠᠨ ᠴᠢᠷᠬᠦ ᠨᠢ ᠶᠣᠷᠤ︕︾ ᠭᠡᠳᠡᠭ᠃        ᠠᠳᠤᠭᠤ ᠪᠣᠯ ᠲᠡᠮᠡᠭᠡ ᠶᠢ ᠭᠠᠷᠭᠠᠪᠠᠯ ᠲᠠᠪᠤᠨ ᠬᠤᠰᠢᠭᠤ ᠮᠠᠯ ᠤᠨ ᠳᠣᠲᠣᠷ᠎ᠠ ᠦᠷᠡᠵᠢᠯᠲᠡ ᠪᠠᠷ ᠳᠣᠣᠷ᠎ᠠ᠂ ᠥᠰᠦᠯᠲᠡ ᠪᠠᠷ ᠤᠳᠠᠭᠠᠨ᠂ ᠡᠷᠭᠢᠯᠲᠡ ᠪᠠᠷ ᠪᠠᠷᠤᠭᠲᠠᠢ ᠮᠠᠯ ᠮᠥᠨ᠃ ᠡᠭᠦᠨ ᠤ ᠬᠠᠮᠲᠤ᠂ ᠢᠳᠡᠬᠦ ᠨᠢ ᠶᠡᠭᠡ᠂ ᠦᠬᠡᠷ ᠠᠳᠠᠯᠢ 10 ~ 20 ᠎ ᠪᠠᠷ ᠨᠢᠭᠡ ᠳᠣᠣᠷ᠎ᠠ ᠨᠡᠭᠦᠳᠡᠯ ᠳᠤ ᠬᠥᠯᠵᠦ ᠡᠳ᠋ᠯᠡᠵᠦ ᠪᠣᠯᠬᠤ ᠦᠭᠡᠢ᠃ ᠬᠡᠪᠡᠷᠡᠭ ᠪᠠᠭᠤᠷᠠᠢ ᠬᠠᠭᠳᠠ ᠪᠠᠷ ᠡᠳ᠋ᠯᠡᠬᠦ ᠳᠤ ᠦᠬᠡᠷ ᠢ ᠬᠦᠷᠬᠦ ᠦᠭᠡᠢ ᠮᠠᠯ ᠪᠣᠯᠣᠨ᠎ᠠ᠃      ᠡᠶᠢᠮᠦ ᠠᠴᠠ ᠲᠡᠦᠬᠡᠨ ᠳᠡᠭᠡᠷ᠎ᠡ ᠠᠳᠤᠭᠤᠨ ᠤ ᠪᠣᠳᠠᠲᠤ ᠪᠠᠶᠢᠳᠠᠯ ᠢ ᠰᠢᠨᠵᠢᠯᠡᠨ᠂ ᠲᠡᠭᠦᠨ ᠤ ᠬᠡᠷᠡᠭᠯᠡᠬᠦ ᠬᠡᠪᠴᠢᠶ᠎ᠡ ᠶᠢ ᠶᠣᠰᠣ ᠳᠦᠷᠢᠮᠵᠢᠭᠦᠯᠵᠦ ᠬᠠᠮᠠᠭᠠᠯᠠᠭᠰᠠᠨ ᠦᠭᠡᠢ᠂ ᠬᠠᠮᠢᠶ᠎ᠠ ᠦᠭᠡᠢ ᠡᠳ᠋ᠯᠡᠵᠦ ᠬᠡᠷᠡᠭᠯᠡᠵᠦ ᠬᠠᠶᠠᠭᠠᠨ ᠎ ᠳᠤᠨᠢ ᠬᠠᠶᠠᠭᠰᠠᠨ ᠪᠣᠯ ᠠᠳᠤᠭᠤᠨ ᠤ ᠬᠡᠪ ᠤᠨ ᠨᠡᠮᠡᠭᠳᠡᠯ ᠪᠠ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠤᠨᠤᠯᠭ᠎ᠠ᠂ ᠠᠷᠠᠳ ᠤᠨ ᠵᠠᠮ ᠬᠠᠷᠢᠯᠴᠠᠭ᠎ᠠ ᠪᠠᠷ ᠭᠤᠣᠯ ᠪᠣᠯᠭᠠᠭᠰᠠᠨ ᠣᠯᠠᠨ ᠲᠠᠯ᠎ᠠ ᠶᠢᠨ ᠦᠢᠯᠡᠳᠪᠦᠷᠢᠯᠡᠯ ᠠᠮᠢᠳᠤᠷᠠᠯ ᠤᠨ ᠤᠨᠤᠯᠭ᠎ᠠ ᠶᠢᠨ ᠠᠰᠠᠭᠤᠳᠠᠯ ᠢ ᠵᠣᠬᠢᠰᠲᠠᠢ ᠰᠢᠢᠳᠪᠦᠷᠢᠯᠡᠬᠦ ᠶᠢ ᠶᠠᠭᠠᠬᠢᠭᠰᠠᠨ ᠴᠦ ᠪᠠᠲᠤᠯᠠᠵᠤ ᠴᠢᠳᠠᠬᠤ ᠦᠭᠡᠢ ᠶᠤᠮ᠃      ᠮᠣᠷᠢ ᠪᠣᠯ ᠲᠡᠦᠬᠡᠨ ᠴᠠᠭ ᠦᠶ᠎ᠡ ᠶᠢᠨ ᠴᠣᠷ ᠤᠨ ᠭᠠᠭᠴᠠ ︽ᠮᠠᠰᠢᠨ︾ ᠪᠠᠶᠢᠭᠰᠠᠨ᠃ ᠦᠵᠦᠮᠦᠴᠢᠨ ᠮᠣᠩᠭᠤᠯᠴᠤᠳ ᠮᠣᠷᠢᠨ ᠤ ᠲᠤᠰ ᠪᠡᠶ᠎ᠡ ᠶᠢᠨ ᠣᠨᠴᠠ ᠴᠢᠳᠠᠪᠤᠷᠢ ᠶᠢ ᠵᠥᠪ ᠢᠶᠠᠷ ᠲᠣᠳᠣᠯᠠᠵᠤ᠂ ᠲᠡᠭᠦᠨ ᠢ ᠲᠡᠳᠡᠨ ᠤ ᠦᠢᠯᠡᠳᠪᠦᠷᠢᠯᠡᠯ ᠠᠮᠢᠳᠤᠷᠠᠯ ᠤᠨ ᠲᠤᠰᠬᠠᠢ ᠤᠨᠤᠯᠭ᠎ᠠ ᠪᠠᠷ ᠲᠣᠭᠲᠠᠭᠠᠵᠤ᠂ ᠪᠤᠰᠤᠳ ᠦᠷ᠎ᠡ ᠠᠰᠢᠭ ᠪᠠᠭ᠎ᠠ ᠦᠷᠡᠭᠳᠡᠯ ᠰᠦᠢᠳᠦᠯ ᠶᠡᠭᠡ ᠵᠦᠢᠯ ᠳᠤ ᠬᠡᠷᠡᠭᠯᠡᠬᠦ ᠶᠢ ᠡᠷᠡᠰ ᠴᠡᠭᠡᠷᠯᠡᠭᠰᠡᠨ ᠵᠡᠷᠭᠡ ᠶᠠᠪᠤᠳᠠᠯ ᠪᠣᠯ ᠲᠤᠬᠠᠢ ᠶᠢᠨ ᠦᠶ᠎ᠡ ᠎ ᠶᠢᠨ ᠨᠡᠭᠦᠳᠡᠯ ᠤᠨ ᠮᠠᠯ ᠠᠵᠤ ᠠᠬᠤᠢ ᠶᠢᠨ ᠲᠡᠦᠬᠡᠨ ᠳᠤ ᠮᠠᠰᠢ ᠰᠢᠨᠵᠢᠯᠡᠬᠦ ᠤᠬᠠᠭᠠᠨᠴᠢ ᠠᠷᠭ᠎ᠠ ᠪᠠᠷᠢᠯ ᠪᠠᠶᠢᠭᠰᠠᠨ ᠶᠤᠮ᠃ ᠠᠳᠤᠭᠤ ᠶᠢ ᠪᠠᠰᠠ ᠠᠶᠢᠯ ᠡᠷᠦᠬᠡ ᠠᠮᠢᠳᠤᠷᠠᠯ ᠤᠨ ᠨᠥᠬᠦᠴᠡᠯ ᠤᠨ  ᠬᠡᠷᠡᠭᠴᠡᠭᠡ ᠪᠠᠨ ᠦᠨᠳᠦᠰᠦᠯᠡᠵᠦ ᠵᠢᠯ ᠪᠦᠷᠢ ᠵᠣᠬᠢᠬᠤ ᠲᠤᠭ᠎ᠠ ᠪᠠᠷ ᠲᠠᠸᠠᠷᠯᠠᠵᠤ ᠬᠤᠳᠠᠯᠳᠤᠳᠠᠭ᠃      2. ᠦᠵᠦᠮᠦᠴᠢᠨ ᠳᠤ ᠦᠬᠡᠷ ᠤᠨ ᠬᠡᠷᠡᠭᠴᠡᠭᠡ ᠶᠢ ᠪᠠᠰᠠ ᠲᠤᠰᠬᠠᠶᠢᠵᠢᠭᠤᠯᠤᠭᠰᠠᠨ ᠪᠠᠶᠢᠳᠠᠭ᠃ ᠦᠵᠦᠮᠦᠴᠢᠨ ᠳᠤ ᠦᠬᠡᠷ ᠤᠨ ᠬᠡᠷᠡᠭᠴᠡᠭᠡ ᠶᠢ ᠲᠤᠰᠬᠠᠢ ᠬᠡᠷᠡᠭᠯᠡᠬᠦ ᠪᠠᠷ ᠲᠣᠭᠲᠠᠭᠠᠬᠤ ᠳᠠᠭᠠᠨ ᠮᠥᠨ ᠲᠡᠭᠦᠨ ᠤ ᠥᠪᠡᠷ ᠤᠨ ᠣᠨᠴᠠᠯᠢᠭ ᠠᠴᠠ ᠪᠣᠯᠵᠤ᠂ ᠲᠠᠬᠢᠨ ᠥᠷᠭᠡᠳᠬᠡᠨ ᠦᠢᠯᠡᠳᠪᠦᠷᠢᠯᠡᠬᠦ ᠠᠴᠠ ᠭᠠᠳᠠᠨ᠎ᠠ ᠬᠥᠯᠬᠦ᠂ ᠰᠠᠭᠠᠬᠤ᠂ ᠢᠳᠡᠬᠦ ᠭᠤᠷᠪᠠᠨ ᠵᠦᠢᠯ ᠤᠨ ᠬᠡᠷᠡᠭᠴᠡᠭᠡᠨ ᠳᠤ ᠭᠤᠣᠯ ᠲᠤᠰᠬᠠᠶᠢᠵᠢᠭᠤᠯᠤᠭᠰᠠᠨ ᠪᠠᠶᠢᠨ᠎ᠠ᠃ ᠡᠷ᠎ᠡ ᠦᠬᠡᠷ ᠢ ᠲᠤᠰᠬᠠᠢ ᠰᠤᠷᠭᠠᠵᠤ ᠬᠥᠯᠥᠨ᠎ᠡ᠃ ᠡᠶᠢᠮᠦ ᠠᠴᠠ ᠲᠡᠭᠦᠨ ᠢ ᠨᠡᠶᠢᠲᠡ ᠪᠠᠷ ᠢᠶᠠᠨ ︽ᠠᠷᠠᠯ ᠤᠨ ᠱᠠᠷ︾ ᠭᠡᠳᠡᠭ᠃ ᠡᠷ᠎ᠡ ᠦᠬᠡᠷ ᠢ ᠨᠡᠭᠦᠳᠡᠯ ᠢᠶᠠᠷ ᠭᠤᠣᠯ ᠪᠣᠯᠭᠠᠵᠤ᠂ ᠳᠠᠪᠤᠰᠤ ᠪᠤᠳᠠᠭᠠᠨ ᠤ ᠠᠶᠠᠨ ᠵᠥᠭᠡᠭᠡᠪᠦᠷᠢ᠂ ᠤᠰᠤ ᠠᠷᠭᠠᠯ᠂ ᠠᠭᠤᠯᠠ ᠮᠣᠳᠣ ᠁ ᠵᠡᠷᠭᠡ ᠳᠤ ᠬᠥᠯᠬᠦ ᠪᠠᠷ ᠲᠣᠭᠲᠠᠭᠠᠭᠰᠠᠨ ᠪᠠᠶᠢᠳᠠᠭ᠃ ᠪᠡᠯᠴᠢᠭᠡᠷ ᠢᠶᠠᠷ ᠲᠡᠵᠢᠭᠡᠬᠦ᠂ ᠬᠥᠯᠬᠦ ᠎ ᠳᠤ ᠳᠠᠭᠠᠭᠠᠴᠠᠲᠠᠢ᠂ ᠦᠷᠭᠦᠯᠵᠢ ᠬᠤᠳᠠ ᠳᠠᠭᠠᠨ ᠣᠶᠢᠷ᠎ᠠ᠂ ᠪᠠᠷᠢᠵᠤ ᠲᠠᠯᠪᠢᠬᠤ ᠳᠤ ᠳᠥᠭᠦᠮ᠂ ᠣᠯᠠᠨ ᠢᠶᠠᠷ ᠬᠥᠯᠬᠦ ᠎ ᠳᠤ ᠵᠠᠷᠤᠳᠠᠯ ᠰᠦᠢᠳᠬᠡᠯ ᠪᠠᠭ᠎ᠠ ᠵᠡᠷᠭᠡ ᠳᠠᠪᠠᠭᠤᠯᠢᠭ ᠲᠠᠢ᠃      ᠦᠵᠦᠮᠦᠴᠢᠨ ᠤ ᠨᠢᠭᠡ ᠠᠶᠢᠯ ᠤᠨ ᠨᠡᠭᠦᠳᠡᠯ ᠳᠤ ᠳᠤᠮᠳᠠᠴᠢ ᠪᠠᠷ ᠨᠠᠢᠮᠠᠨ ᠲᠡᠷᠭᠡ ᠬᠡᠷᠡᠭᠯᠡᠵᠦ ᠠᠷᠪᠠᠨ ᠦᠬᠡᠷ ᠬᠥᠯᠥᠨ᠎ᠡ᠃ ᠮᠥᠨ ᠨᠢᠭᠡ ᠴᠥᠷᠬᠡᠯᠡᠭᠡ ᠠᠶᠠᠨ ᠤ ᠲᠡᠷᠭᠡ ᠬᠥᠲᠥᠯᠬᠦ ᠳᠤ ᠳᠣᠯᠣᠭᠠᠨ ᠦᠬᠡᠷ ᠲᠡᠷᠭᠡ ᠣᠷᠴᠢᠮ ᠪᠠᠶᠢᠵᠤ᠂ ᠳᠣᠯᠤᠭ᠎ᠠ ᠨᠠᠢᠮᠠᠨ ᠦᠬᠡᠷ ᠬᠥᠯᠥᠨ᠎ᠡ᠃ ᠡᠶᠢᠮᠦ ᠠᠷᠪᠢᠨ ᠬᠥᠯᠪᠦᠷᠢ ᠶᠢᠨ ᠠᠰᠠᠭᠤᠳᠠᠯ ᠢ ᠲᠠᠰᠤᠯᠬᠤ ᠳᠤ ᠡᠷ᠎ᠡ ᠦᠬᠡᠷ ᠠᠴᠠ ᠥᠭᠡᠷ᠎ᠡ ᠲᠣᠬᠢᠷᠠᠮᠵᠢ ᠲᠠᠢ ᠬᠥᠯᠪᠦᠷᠢ ᠪᠠᠶᠢᠬᠤ ᠦᠭᠡᠢ ᠶᠤᠮ᠃ ︽ᠠᠷᠠᠯ ᠢᠶᠠᠨ ᠭᠠᠵᠠᠷ ᠲᠠᠯᠪᠢᠵᠤ ᠪᠣᠯᠬᠤ ᠦᠭᠡᠢ︾ ᠭᠡᠰᠡᠨ ᠪᠣᠯ ᠬᠥᠯᠪᠦᠷᠢ ᠶᠢᠨ ᠦᠬᠡᠷ ᠳᠤᠲᠠᠭᠳᠠᠵᠤ ᠪᠣᠯᠬᠤ ᠦᠭᠡᠢ ᠭᠡᠰᠡᠨ ᠦᠭᠡ ᠮᠥᠨ᠃ ︽ᠦᠬᠡᠷ ᠦᠭᠡᠢ ᠬᠥᠮᠥᠨ ᠦᠬᠦᠳᠡᠭ︾ ᠭᠡᠰᠡᠨ ᠨᠢ ᠦᠬᠡᠷ ᠤᠨ ᠪᠦᠬᠦ ᠬᠡᠷᠡᠭᠴᠡᠭᠡ ᠶᠢ ᠳ᠋ᠦᠩᠨᠡᠭᠰᠡᠨ ᠢᠶᠠᠷ ᠪᠠᠷᠠᠬᠤ ᠦᠭᠡᠢ᠂ ᠨᠡᠭᠦᠳᠡᠯ ᠤᠨ ᠮᠠᠯ ᠠᠵᠤ ᠠᠬᠤᠢ ᠶᠢᠨ ᠬᠥᠯᠪᠦᠷᠢ ᠶᠢᠨ ᠢᠶᠠᠨ ᠬᠦᠨᠳᠦ ᠴᠢᠬᠤᠯᠠ ᠴᠢᠨᠠᠷ ᠢ ᠵᠢᠭᠠᠭᠰᠠᠨ ᠶᠤᠮ᠃ ᠡᠶᠢᠮᠦ ᠠᠴᠠ ᠡᠷ᠎ᠡ ᠦᠬᠡᠷ ᠤᠨ ᠭᠤᠣᠯ ᠬᠡᠷᠡᠭᠴᠡᠭᠡ ᠪᠣᠯ ᠬᠥᠯᠪᠦᠷᠢ ᠪᠣᠯᠣᠨ᠎ᠠ᠃      ᠪᠤᠬ᠎ᠠ ᠪᠣᠯ ᠦᠷ᠎ᠡ ᠶᠢᠨ ᠮᠠᠯ᠃ ᠪᠤᠬ᠎ᠠ ᠲᠠᠯᠪᠢᠬᠤ ᠳᠤ ᠲᠣᠩ ᠶᠡᠭᠡ ᠰᠢᠯᠢᠵᠦ ᠰᠣᠩᠭᠤᠬᠤ ᠬᠡᠷᠡᠭᠲᠡᠢ᠃ ᠪᠤᠬ᠎ᠠ ᠶᠢ ᠰᠢᠯᠢᠵᠦ ᠰᠣᠩᠭᠤᠬᠤ ᠨᠢ ᠭᠦᠨ ᠨᠠᠷᠢᠨ ᠮᠡᠷᠭᠡᠵᠢᠯ ᠤᠨ ᠠᠵᠢᠯ ᠶᠤᠮ᠃ ᠦᠷᠡᠵᠢᠯᠲᠡ ᠪᠣᠶᠢᠵᠢᠯᠲᠠ ᠥᠰᠦᠯᠲᠡ ᠨᠢ ᠪᠦᠷ ᠠᠵᠤ ᠠᠬᠤᠢ ᠶᠢᠨ ᠦᠷ᠎ᠡ ᠠᠰᠢᠭ ᠲᠤ ᠬᠤᠯᠪᠣᠭᠳᠠᠨ᠎ᠠ᠃ ᠣᠨᠴᠣᠭᠤᠢ ᠰᠤᠳᠤᠯᠵᠤ ᠰᠢᠯᠢᠳᠡᠭ᠃     ᠦᠨᠢᠶ᠎ᠡ ᠪᠣᠯ ᠦᠬᠡᠷ ᠢ ᠦᠷᠡᠵᠢᠭᠦᠯᠵᠦ ᠥᠰᠬᠡᠬᠦ ᠶᠢᠨ ᠰᠠᠭᠤᠷᠢ ᠡᠬᠡ ᠮᠠᠯ ᠮᠥᠨ᠃ ᠡᠭᠦᠨ ᠢᠶᠠᠷ ᠪᠠᠷᠠᠬᠤ ᠦᠭᠡᠢ ᠦᠵᠦᠮᠦᠴᠢᠨ ᠤ ︽ᠴᠠᠭᠠᠨ ᠢᠳᠡᠭᠡᠨ ᠤ ᠦᠢᠯᠡᠳᠪᠦᠷᠢᠯᠡᠯ︾᠎ ᠤᠨ ᠲᠦᠭᠦᠬᠡᠢ ᠮᠠᠲ᠋ᠧᠷᠢᠶᠠᠯ ᠢ ᠬᠠᠩᠭᠠᠳᠠᠭ ᠭᠤᠣᠯ ᠰᠠᠭᠠᠯᠢ ᠶᠢᠨ ᠮᠠᠯ ᠪᠣᠯᠣᠨ᠎ᠠ᠃ ᠡᠶᠢᠮᠦ ᠠᠴᠠ ᠦᠨᠢᠶ᠎ᠡ ᠶᠢ ᠨᠡᠶᠢᠭᠡᠮ ᠢᠶᠠᠷ ᠢᠶᠠᠨ ᠪᠦᠷ ᠰᠠᠭᠠᠯᠢ ᠶᠢᠨ ᠦᠨᠢᠶ᠎ᠡ ᠭᠡᠵᠦ ᠨᠡᠷᠡᠯᠡᠳᠡᠭ᠃ ᠦᠵᠦᠮᠦᠴᠢᠨ ᠳᠤ ᠦᠨᠢᠶ᠎ᠡ ᠶᠢ ᠪᠠᠷᠤᠭ ᠳᠥᠷᠪᠡᠨ ᠤᠯᠠᠷᠢᠯ ᠳᠤ ᠠᠳᠠᠯᠢ ᠦᠭᠡᠢ ᠬᠡᠮᠵᠢᠶ᠎ᠡ ᠪᠠᠷ ᠰᠠᠭᠠᠳᠠᠭ᠃ ᠦᠨᠢᠶᠡᠨ ᠰᠦ ᠦᠵᠦᠮᠦᠴᠢᠨ ᠤ ᠴᠠᠭᠠᠨ ᠢᠳᠡᠭᠡᠨ ᠤ ᠭᠤᠣᠯ ᠢᠷᠡᠯᠲᠡ᠃ ᠪᠠᠰᠠᠴᠤ ᠲᠡᠳᠡᠨ ᠤ ᠪᠦᠬᠦᠶᠢᠯᠡ ᠬᠦᠨᠡᠰᠦ ᠢᠳᠡᠰᠢ ᠶᠢᠨ ᠴᠢᠬᠤᠯᠠ ᠪᠦᠷᠢᠯᠳᠦᠬᠦᠨ ᠮᠥᠨ᠃      ᠦᠨᠢᠶ᠎ᠡ ᠶᠢ ᠰᠦ ᠨᠢ ᠡᠯᠪᠡᠭ᠂ ᠰᠠᠭᠠᠯᠢ ᠶᠢᠨ ᠬᠤᠭᠤᠴᠠᠭ᠎ᠠ ᠨᠢ ᠤᠷᠲᠤ᠂ ᠠᠷᠠᠴᠢᠯᠠᠨ ᠮᠠᠯᠵᠢᠬᠤ ᠳᠤ ᠳᠥᠭᠦᠮ᠂ ᠨᠡᠭᠦᠳᠡᠯ ᠢᠶᠠᠷ ᠮᠠᠯᠵᠢᠬᠤ ᠪᠠ ᠣᠲᠣᠷ ᠨᠡᠭᠦᠳᠡᠯ ᠬᠢᠵᠦ ᠪᠠᠶᠢᠭᠠᠳ ᠬᠦᠷᠲᠡᠯ᠎ᠡ ᠰᠦ ᠶᠢ ᠨᠢ ᠰᠠᠭᠠᠵᠤ ᠢᠳᠡᠵᠦ ᠪᠣᠯᠬᠤ ᠵᠡᠷᠭᠡ ᠣᠨᠴᠠᠯᠢᠭ ᠢᠶᠠᠷ ᠨᠢ᠂ ᠦᠵᠦᠮᠦᠴᠢᠨ ᠳᠤ ᠲᠡᠭᠦᠨ ᠢ ᠲᠤᠰᠬᠠᠢ ᠰᠠᠭᠠᠯᠢ ᠳᠤ ᠲᠤᠰᠬᠠᠶᠢᠵᠢᠭᠤᠯᠤᠨ ᠬᠡᠷᠡᠭᠯᠡᠳᠡᠭ᠃     ᠦᠬᠡᠷ ᠤᠨ ᠪᠠᠰᠠ ᠨᠢᠭᠡ ᠲᠤᠰᠬᠠᠢ ᠬᠡᠷᠡᠭᠴᠡᠭᠡ ᠪᠣᠯ᠂ ᠦᠵᠦᠮᠦᠴᠢᠨ ᠮᠣᠩᠭᠤᠯᠴᠤᠳ ᠤᠨ ᠤᠯᠠᠭᠠᠨ ᠢᠳᠡᠭᠡᠨ ᠎ ᠤ ᠠᠰᠠᠭᠤᠳᠠᠯ ᠢ ᠲᠤᠰᠬᠠᠢ ᠲᠠᠰᠤᠯᠳᠠᠭ ᠶᠠᠪᠤᠳᠠᠯ ᠪᠣᠯᠣᠨ᠎ᠠ᠃ ᠡᠶᠢᠮᠦ ᠠᠴᠠ ᠦᠵᠦᠮᠦᠴᠢᠨ ᠳᠤ ᠦᠬᠡᠷ ᠢ ᠵᠣᠬᠢᠬᠤ ᠲᠤᠭ᠎ᠠ ᠪᠠᠷ ᠠᠯᠠᠵᠤ ᠢᠳᠡᠳᠡᠭ᠃ ᠭᠤᠣᠯ ᠨᠢ ᠡᠪᠦᠯ ᠤᠨ ᠢᠳᠡᠰᠢᠨ ᠳᠤ ᠠᠯᠠᠵᠤ ᠢᠳᠡᠬᠦ ᠳᠤ ᠲᠣᠩ ᠲᠣᠬᠢᠷᠠᠮᠵᠢ ᠎ ᠲᠠᠢ᠃ ᠨᠢᠭᠡ ᠠᠶᠢᠯ ᠡᠷᠦᠬᠡ ᠡᠪᠦᠯ ᠤᠨ ᠢᠳᠡᠰᠢᠨ ᠳᠤ ᠨᠢᠭᠡ ᠲᠣᠯᠣᠭᠠᠢ ᠦᠬᠡᠷ ᠠᠯᠠᠵᠤ ᠢᠳᠡᠪᠡᠯ᠂ ᠡᠪᠦᠯ ᠬᠠᠪᠤᠷ ᠎ ᠤᠨ ᠢᠳᠡᠬᠦ ᠤᠯᠠᠭᠠᠨ ᠢᠳᠡᠭᠡᠨ ᠤ ᠭᠤᠣᠯ ᠠᠰᠠᠭᠤᠳᠠᠯ ᠢ ᠲᠠᠰᠤᠯᠴᠢᠬᠠᠳᠠᠭ᠃ ᠭᠡᠪᠡᠴᠦ ᠦᠬᠡᠷ ᠠᠯᠠᠵᠤ ᠢᠳᠡᠬᠦ ᠨᠢ ᠠᠶᠢᠯ ᠡᠷᠦᠬᠡ ᠶᠢᠨ ᠠᠮᠢᠳᠤᠷᠠᠯ ᠤᠨ ᠬᠢᠷᠢ ᠬᠡᠮᠵᠢᠶ᠎ᠡ᠂ ᠬᠥᠮᠥᠨ ᠠᠮᠠ ᠶᠢᠨ ᠪᠠᠶᠢᠳᠠᠯ ᠢᠶᠠᠷ ᠰᠢᠢᠳᠪᠦᠷᠢᠯᠡᠭᠳᠡᠨ᠎ᠡ᠃ ᠡᠪᠦᠯ ᠤᠨ ᠢᠳᠡᠰᠢᠨ ᠳᠤ ᠦᠬᠡᠷ ᠪᠠᠵᠠᠭᠠᠬᠤ ᠳᠠᠭᠠᠨ ᠣᠯᠠᠩᠬᠢ ᠨᠢ ︽ᠰᠢᠳᠦᠨ ᠤ ᠥᠭᠡᠭᠡ︾ ᠶᠡᠬᠡᠴᠡᠬᠡᠯ ᠨᠠᠰᠤᠨ ᠤ ᠮᠠᠯ ᠪᠠᠶᠢᠳᠠᠭ᠃ ᠠᠷᠠᠰᠤ ᠰᠢᠷᠢ ᠶᠢ ᠨᠢ ᠡᠳ᠋ᠯᠡᠵᠦ ᠰᠤᠷ ᠬᠢᠳᠡᠭ᠃ ᠲᠡᠷᠡ ᠨᠢ ᠮᠥᠨ ᠨᠡᠭᠦᠳᠡᠯ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠳᠤ ᠳᠤᠲᠠᠭᠳᠠᠵᠤ ᠪᠣᠯᠳᠠᠭ ᠦᠭᠡᠢ᠃ ᠡᠭᠦᠨ ᠠᠴᠠ ᠭᠠᠳᠠᠨ᠎ᠠ ᠠᠶᠢᠯ ᠡᠷᠦᠬᠡ ᠪᠠᠷ ᠨᠢᠭᠡᠴᠢᠯᠡᠵᠦ ᠦᠬᠡᠷ ᠢ ᠵᠣᠬᠢᠬᠤ ᠲᠤᠭ᠎ᠠ ᠪᠠᠷ ᠲᠠᠸᠠᠷᠴᠢᠯᠠᠨ ᠬᠤᠳᠠᠯᠳᠤᠵᠤ ᠠᠮᠢᠳᠤᠷᠠᠯ ᠤᠨ ᠪᠤᠰᠤᠳ ᠠᠰᠠᠭᠤᠳᠠᠯ ᠢ ᠬᠠᠩᠭᠠᠳᠠᠭ᠃     ᠦᠵᠦᠮᠦᠴᠢᠨ ᠳᠤ ᠦᠬᠡᠷ ᠤᠨ ᠬᠡᠷᠡᠭᠴᠡᠭᠡ ᠵᠠᠷᠤᠳᠠᠯ ᠢ ᠬᠥᠯᠬᠦ᠂ ᠰᠠᠭᠠᠬᠤ᠂ ᠢᠳᠡᠬᠦ ᠪᠠᠷ ᠭᠤᠣᠯ ᠪᠣᠯᠭᠠᠵᠤ ᠲᠤᠰᠬᠠᠶᠢᠵᠢᠭᠤᠯᠤᠭᠰᠠᠨ ᠨᠢ ᠮᠥᠨᠴᠦ ᠦᠬᠡᠷ ᠤᠨ ᠲᠤᠰ ᠪᠡᠶ᠎ᠡ ᠶᠢᠨ ᠪᠣᠳᠠᠲᠤ ᠣᠨᠴᠠᠯᠢᠭ ᠠᠴᠠ ᠲᠣᠭᠲᠠᠭᠠᠭᠰᠠᠨ ᠶᠤᠮ᠃ ᠲᠡᠷᠡ ᠨᠢ ᠪᠠᠰᠠ ᠦᠬᠡᠷ ᠤᠨ ᠬᠡᠷᠡᠭᠴᠡᠭᠡ ᠶᠢ ᠵᠢᠷᠤᠮᠵᠢᠭᠤᠯᠵᠤ᠂ ᠦᠬᠡᠷ ᠤᠨ ᠥᠰᠦᠯᠲᠡ᠂  ᠬᠠᠮᠠᠭᠠᠯᠠᠯᠲᠠ ᠬᠡᠷᠡᠭᠴᠡᠭᠡᠨ ᠤ ᠬᠠᠷᠢᠴᠠᠭ᠎ᠠ ᠶᠢ ᠲᠣᠬᠢᠷᠠᠭᠤᠯᠵᠤ ᠲᠡᠦᠬᠡᠨ ᠨᠥᠬᠦᠴᠡᠯ ᠳᠡᠭᠡᠨ ᠲᠣᠬᠢᠷᠠᠭᠰᠠᠨ ᠥᠨᠳᠥᠷ ᠦᠷ᠎ᠡ ᠠᠰᠢᠭ ᠎ ᠲᠠᠢ ᠦᠬᠡᠷ ᠲᠡᠵᠢᠭᠡᠨ ᠮᠠᠯᠵᠢᠬᠤ ᠦᠢᠯᠡᠰ ᠪᠣᠯᠣᠭᠰᠠᠨ ᠪᠠᠶᠢᠵᠠᠢ᠃     ᠡᠶᠢᠮᠦ ᠠᠴᠠ ᠦᠵᠦᠮᠦᠴᠢᠨ ᠳᠤ ᠦᠬᠡᠷ ᠢ ᠬᠥᠯᠪᠦᠷᠢ ᠪᠣᠯᠣᠨ ᠴᠠᠭᠠᠨ᠂ ᠤᠯᠠᠭᠠᠨ ᠢᠳᠡᠭᠡᠨ ᠤ ᠠᠰᠠᠭᠤᠳᠠᠯ ᠢ ᠵᠣᠬᠢᠰᠲᠠᠢ ᠲᠠᠰᠤᠯᠬᠤ ᠪᠠᠷ ᠭᠤᠣᠯ ᠵᠣᠷᠢᠯᠭ᠎ᠠ ᠪᠣᠯᠭᠠᠵᠤ ᠲᠤᠰᠬᠠᠢ ᠮᠠᠯᠵᠢᠳᠠᠭ᠃     3. ᠦᠵᠦᠮᠦᠴᠢᠨ ᠳᠤ ᠲᠡᠮᠡᠭᠡ ᠶᠢ ᠤᠨᠤᠬᠤ ᠪᠠ ᠬᠥᠯᠬᠦ ᠳᠤ ᠬᠠᠪᠰᠤᠷᠭᠠᠨ ᠬᠡᠷᠡᠭᠯᠡᠳᠡᠭ᠃ ᠭᠡᠪᠡᠴᠦ ᠡᠨᠡ ᠨᠢ ᠭᠤᠣᠯ ᠲᠠᠯ᠎ᠠ ᠪᠢᠰᠢ᠂ ᠭᠤᠣᠯ ᠲᠠᠯ᠎ᠠ ᠨᠢ᠂ ᠲᠡᠳᠡ ᠲᠡᠮᠡᠭᠡ ᠶᠢ ᠲᠠᠪᠤᠨ ᠬᠤᠰᠢᠭᠤ ᠮᠠᠯ ᠢ ᠢᠵᠢ ᠪᠦᠷᠢᠯᠳᠦᠭᠦᠯᠦᠨ᠂ ᠪᠦᠷᠢᠨ ᠪᠦᠲᠦᠨ ᠲᠠᠪᠤᠨ ᠬᠤᠰᠢᠭᠤ ᠮᠠᠯ ᠲᠠᠢ ᠪᠠᠶᠠᠨ ᠴᠢᠨᠡᠭᠡᠯᠢᠭ ᠠᠮᠢᠳᠤᠷᠠᠯ ᠳᠤ ᠳᠤᠲᠠᠭᠳᠠᠵᠤ ᠪᠣᠯᠬᠤ ᠦᠭᠡᠢ ᠨᠢᠭᠡ ᠲᠥᠷᠥᠯ ᠤᠨ ᠮᠠᠯ ᠭᠡᠵᠦ ᠦᠵᠡᠨ ᠲᠡᠮᠡᠭᠡ ᠡᠵᠡᠩᠨᠡᠵᠦ ᠮᠠᠯᠵᠢᠳᠠᠭ ᠪᠠᠶᠢᠨ᠎ᠠ᠃ ᠤᠴᠢᠷ ᠨᠢ ᠦᠵᠦᠮᠦᠴᠢᠨ ᠤ ᠪᠠᠶᠢᠭᠠᠯᠢ ᠶᠢᠨ ᠣᠨᠴᠠᠯᠢᠭ ᠠᠴᠠ ᠪᠣᠯᠵᠤ᠂ ᠲᠡᠮᠡᠭᠡ ᠠᠳᠡ ᠦᠷᠡᠵᠢᠯᠲᠡ ᠨᠢ ᠤᠳᠠᠭᠠᠨ᠂ ᠥᠰᠦᠯᠲᠡ ᠨᠢ ᠳᠣᠣᠷ᠎ᠠ᠂ ᠲᠤᠭ᠎ᠠ ᠲᠣᠯᠣᠭᠠᠢ ᠨᠢ ᠶᠡᠷᠦ ᠴᠥᠭᠡᠪᠦᠷᠢ ᠪᠠᠶᠢᠳᠠᠭ᠃ ᠡᠶᠢᠮᠦ ᠠᠴᠠ ᠲᠡᠮᠡᠭᠡ ᠶᠢ ᠦᠢᠯᠡᠳᠪᠦᠷᠢᠯᠡᠯ ᠠᠮᠢᠳᠤᠷᠠᠯ ᠤᠨ ᠴᠢᠬᠤᠯᠠ ᠪᠠᠶᠢᠷᠢ ᠳᠡᠭᠡᠷ᠎ᠡ ᠲᠠᠯᠪᠢᠵᠤ ᠥᠰᠬᠡᠵᠦ ᠦᠷᠡᠵᠢᠭᠦᠯᠬᠦ ᠨᠥᠬᠦᠴᠡᠯ ᠪᠠᠭ᠎ᠠ ᠪᠥᠭᠡᠳ ᠪᠤᠰᠤᠳ ᠮᠠᠯ ᠰᠦᠷᠦᠭ ᠡᠯᠪᠡᠭ ᠪᠠᠶᠠᠯᠢᠭ ᠠᠴᠠ ᠪᠣᠯᠵᠤ᠂ ᠲᠡᠭᠦᠨ ᠢ ᠣᠯᠠᠨ ᠲᠤᠭ᠎ᠠ ᠪᠠᠷ ᠥᠰᠬᠡᠵᠦ ᠬᠡᠷᠡᠭᠯᠡᠬᠦ ᠶᠢ ᠴᠢᠬᠤᠯᠠᠴᠢᠯᠠᠬᠤ ᠦᠭᠡᠢ ᠪᠠᠶᠢᠵᠠᠢ᠃      ᠭᠡᠪᠡᠴᠦ᠂ ᠦᠵᠦᠮᠦᠴᠢᠨ ᠳᠤ ᠲᠡᠮᠡᠭᠡ ᠶᠢ ᠲᠣᠩ ᠬᠦᠨᠳᠦᠳᠬᠡᠨ ᠮᠠᠯᠵᠢᠳᠠᠭ ᠪᠥᠭᠡᠳ ᠵᠣᠬᠢᠬᠤ ᠲᠤᠭ᠎ᠠ ᠪᠠᠷ ᠤᠨᠤᠵᠤ᠂ ᠬᠥᠯᠵᠦ᠂ ᠰᠠᠭᠠᠵᠤ ᠡᠳ᠋ᠯᠡᠳᠡᠭ᠃ ᠲᠡᠮᠡᠭᠡᠨ ᠤᠩᠭᠠᠰᠤ᠂ ᠲᠡᠮᠡᠭᠡᠨ ᠰᠢᠷᠢ᠂ ᠮᠣᠩᠭᠤᠯ ᠭᠡᠷ ᠤᠨ ᠣᠶᠣᠳᠠᠯ ᠪᠠ ᠦᠳᠡᠭᠡᠷᠢ ᠳᠤ ᠣᠨᠴᠤᠭᠤᠢ ᠬᠡᠷᠡᠭᠴᠡᠭᠡ ᠲᠠᠢ᠃ ᠲᠡᠮᠡᠭᠡᠨ ᠶᠠᠰᠤ ᠶᠢ ᠵᠠᠭᠠᠨ ᠤ ᠶᠠᠰᠤ ᠰᠢᠭ᠋ ᠦᠵᠡᠳᠡᠭ᠃ ᠨᠡᠩ ᠴᠦ ᠨᠠᠶᠢᠷ ᠨᠠᠭᠠᠳᠤᠮ ᠤᠨ ᠤᠷᠤᠯᠳᠤᠭᠠᠨ ᠤ ᠱᠠᠩᠨᠠᠯ ᠤᠨ ᠶᠢᠰᠦ ᠶᠢᠰᠦ ᠨᠠᠶᠠᠨ ᠨᠢᠭᠡ ᠶᠢᠨ ᠪᠡᠯᠡᠭ ᠤᠨ ᠲᠡᠷᠢᠭᠦᠨ ᠳᠤ ᠮᠥᠩᠭᠦᠨ ᠪᠣᠶᠢᠯᠠ ᠲᠠᠢ ᠴᠠᠭᠠᠨ ᠲᠡᠮᠡᠭᠡ ᠣᠷᠣᠳᠠᠭ ᠶᠣᠰᠣᠲᠠᠢ᠃      ᠦᠵᠦᠮᠦᠴᠢᠨ ᠳᠤ᠂ ᠲᠡᠮᠡᠭᠡ ᠨᠢ ᠶᠣᠰᠣᠯᠠᠯ ᠬᠦᠨᠳᠦᠳᠬᠡᠯ ᠤᠨ ᠴᠢᠨᠠᠷ ᠢᠶᠠᠷ ᠲᠤᠰᠬᠠᠢ ᠵᠣᠷᠢᠯᠭ᠎ᠠ ᠪᠣᠯᠭᠠᠵᠤ ᠮᠠᠯᠵᠢᠭᠰᠠᠨ ᠮᠠᠯ ᠪᠣᠯᠣᠨ᠎ᠠ᠃     4. ᠦᠵᠦᠮᠦᠴᠢᠨ ᠳᠤ ᠬᠤᠨᠢ ᠶᠢᠨ ᠬᠡᠷᠡᠭᠴᠡᠭᠡ ᠶᠢ ᠪᠠᠰᠠ ᠲᠤᠰᠬᠠᠶᠢᠵᠢᠭᠤᠯᠤᠭᠰᠠᠨ ᠪᠠᠶᠢᠳᠠᠭ᠃ ᠦᠵᠦᠮᠦᠴᠢᠨ ᠎ ᠳᠤ ᠬᠤᠨᠢ ᠶᠢ ᠠᠮᠢᠳᠤᠷᠠᠯ ᠤᠨ ᠭᠤᠣᠯ ᠥᠪ ᠬᠥᠷᠥᠩᠭᠡ ᠪᠠᠷ ᠲᠤᠰᠬᠠᠶᠢᠵᠢᠭᠤᠯᠤᠨ ᠮᠠᠯᠵᠢᠳᠠᠭ᠃ ᠬᠤᠨᠢᠨ ᠤ ᠭᠤᠣᠯ ᠬᠡᠷᠡᠭᠴᠡᠭᠡ ᠪᠣᠯ ᠨᠢᠭᠡ ᠠᠶᠢᠯ ᠡᠷᠦᠬᠡ ᠶᠢᠨ ᠠᠮᠢᠳᠤᠷᠠᠯ ᠤᠨ ᠭᠤᠣᠯ ᠬᠥᠷᠥᠩᠭᠡ ᠪᠣᠯᠣᠨ᠎ᠠ᠃ ᠮᠢᠬ᠎ᠠ ᠪᠠᠷ ᠨᠢ ᠤᠯᠠᠭᠠᠨ ᠢᠳᠡᠭᠡᠨ ᠤ ᠠᠰᠠᠭᠤᠳᠠᠯ ᠢ ᠲᠠᠰᠤᠯᠬᠤ ᠳᠠᠭᠠᠨ ᠵᠤᠨ ᠱᠥᠯᠥ ᠤᠤᠭᠤᠨ᠎ᠠ᠂ ᠡᠪᠦᠯ ᠢᠳᠡᠰᠢᠨ ᠳᠤ ᠢᠳᠡᠨ᠎ᠡ᠃ ᠵᠤᠨ ᠤ ᠱᠥᠯᠥ ᠳᠤ ᠨᠢᠭᠡ ᠡᠷᠦᠬᠡ 2 ~ 3 ᠲᠣᠯᠣᠭᠠᠢ ᠬᠤᠨᠢ ᠪᠠᠵᠠᠭᠠᠵᠤ᠂ ᠱᠥᠯᠥ ᠤᠤᠭᠤᠵᠤ᠂ ᠵᠤᠨ ᠤ ᠱᠥᠯᠥ ᠮᠢᠬᠠᠨ ᠤ ᠠᠰᠠᠭᠤᠳᠠᠯ ᠢ ᠬᠠᠩᠭᠠᠳᠠᠭ᠃ ᠡᠪᠦᠯ ᠤᠨ ᠢᠳᠡᠰᠢᠨ ᠳᠤ ᠨᠢᠭᠡ ᠡᠷᠦᠬᠡ ᠨᠢᠭᠡ ᠡᠪᠦᠯ 7 ~12 ᠲᠣᠯᠣᠭᠠᠢ ᠬᠤᠨᠢ ᠪᠠᠵᠠᠭᠠᠵᠤ᠂ ᠡᠪᠦᠯ ᠬᠠᠪᠤᠷ ᠤᠨ ᠬᠠᠭᠠᠰ ᠵᠢᠯ ᠤᠨ ᠢᠳᠡᠰᠢ ᠪᠠᠨ ᠨᠦᠬᠡᠴᠡᠯᠡᠳᠡᠭ᠃      ᠦᠵᠦᠮᠦᠴᠢᠨ ᠳᠤ ᠬᠤᠨᠢᠨ ᠤ ᠬᠡᠷᠡᠭᠴᠡᠭᠡ ᠶᠢ ᠲᠤᠰᠬᠠᠶᠢᠵᠢᠭᠤᠯᠤᠭᠰᠠᠨ ᠪᠠᠰᠠ ᠨᠢᠭᠡ ᠴᠢᠬᠤᠯᠠ ᠲᠠᠯ᠎ᠠ ᠪᠣᠯ ᠲᠡᠭᠦᠨ ᠠᠴᠠ ᠠᠬᠠᠷ ᠤᠩᠭᠠᠰᠤ ᠬᠤᠷᠢᠶᠠᠵᠤ ᠠᠪᠴᠤ ᠢᠰᠡᠭᠡᠢ ᠬᠢᠳᠡᠭ᠃ ᠬᠡᠷᠪᠡ ᠬᠤᠨᠢᠨ ᠤ ᠤᠩᠭᠠᠰᠤ ᠪᠠᠶᠢᠬᠤ ᠦᠭᠡᠢ ᠪᠣᠯ ᠨᠡᠭᠦᠳᠡᠯ ᠤᠨ ᠠᠮᠢᠳᠤᠷᠠᠯ ᠪᠠᠶᠢᠵᠤ ᠴᠢᠳᠠᠬᠤ ᠦᠭᠡᠢ᠃ ᠬᠤᠨᠢᠨ ᠤ ᠨᠣᠣᠰᠣ ᠨᠢ ᠮᠣᠩᠭᠤᠯ ᠭᠡᠷ ᠤᠨ ᠪᠦᠷᠢᠶᠡᠰᠦ᠂ ᠢᠰᠡᠭᠡᠢ ᠬᠢᠬᠦ ᠲᠣᠬᠢᠷᠠᠮᠵᠢᠲᠠᠢ ᠮᠠᠲ᠋ᠧᠷᠢᠶᠠᠯ ᠪᠣᠯᠳᠠᠭ᠃ ᠡᠭᠦᠨ ᠠᠴᠠ ᠭᠠᠳᠠᠨ᠎ᠠ ᠰᠢᠷᠲᠡᠭ ᠳᠡᠪᠢᠰᠬᠡᠷ ᠣᠶᠣᠬᠤ᠂ ᠣᠶᠢᠮᠤᠰᠤ ᠬᠢᠬᠦ᠂ ᠲᠣᠬᠤᠮ ᠬᠢᠬᠦ ᠁ ᠣᠯᠠᠨ ᠲᠠᠯ᠎ᠠ ᠶᠢᠨ ᠬᠡᠷᠡᠭᠴᠡᠭᠡ ᠶᠢ ᠬᠠᠩᠭᠠᠨ᠎ᠠ᠃ ᠬᠡᠷᠪᠡ ᠨᠢᠭᠡ ᠮᠠᠯᠴᠢᠨ ᠡᠷᠦᠬᠡ ᠨᠢᠭᠡ ᠵᠢᠯ ᠳᠤ 3 ~ 4 ᠰᠢᠨ᠎ᠡ ᠢᠰᠡᠭᠡᠢ ᠬᠡᠷᠡᠭᠰᠡᠬᠦ ᠪᠣᠯ ᠶᠠᠳᠠᠬᠤ ᠳᠤ ᠵᠠᠭᠤ ᠭᠠᠷᠤᠢ ᠬᠤᠨᠢ ᠦᠭᠡᠢ ᠪᠣᠯᠬᠤ ᠦᠭᠡᠢ᠃     ᠬᠤᠨᠢ ᠮᠠᠯᠵᠢᠬᠤ ᠶᠢᠨ ᠪᠠᠰᠠ ᠨᠢᠭᠡ ᠴᠢᠬᠤᠯᠠ ᠲᠤᠰᠬᠠᠢ ᠬᠡᠷᠡᠭᠴᠡᠭᠡ ᠪᠣᠯ ᠠᠷᠠᠰᠤ ᠪᠠᠷ ᠨᠢ ᠬᠤᠪᠴᠠᠰᠤ ᠬᠢᠬᠦ ᠶᠠᠪᠤᠳᠠᠯ ᠪᠣᠯᠣᠨ᠎ᠠ᠃ ᠦᠵᠦᠮᠦᠴᠢᠨ ᠤ ᠠᠭᠤᠷ ᠠᠮᠢᠰᠬᠤᠯ ᠤᠨ ᠨᠥᠬᠦᠴᠡᠯ ᠳᠤ ᠶᠠᠳᠠᠬᠤ ᠳᠤ ᠬᠠᠭᠠᠰ ᠵᠢᠯ ᠠᠷᠠᠰᠤᠨ ᠬᠤᠪᠴᠠᠰᠤ ᠡᠮᠦᠰᠬᠦ ᠬᠡᠷᠡᠭᠲᠡᠢ᠃ ᠡᠭᠦᠨ ᠳᠤ ᠬᠤᠨᠢᠨ ᠤ ᠠᠷᠠᠰᠤ ᠬᠠᠮᠤᠭ ᠤᠨ ᠲᠣᠬᠢᠷᠠᠮᠵᠢ ᠲᠠᠢ ᠶᠤᠮ᠃ ᠬᠤᠨᠢᠨ ᠠᠷᠠᠰᠤᠨ ᠤᠲᠤᠮᠠᠯ ᠳᠡᠪᠡᠯ ᠥᠮᠥᠳᠦ ᠡᠪᠦᠯ ᠰᠠᠶᠢᠨ᠃ ᠦᠵᠦᠭᠦᠷᠰᠦ ᠬᠤᠷᠠᠭᠠᠨ ᠵᠤᠪᠴᠠᠭ᠎ᠠ ᠨᠠᠮᠤᠷ ᠬᠠᠪᠤᠷ ᠲᠣᠬᠢᠲᠠᠢ᠃ ᠡᠶᠢᠮᠦ ᠠᠴᠠ ᠨᠡᠬᠡᠢ ᠬᠤᠪᠴᠠᠰᠤᠨ ᠤ ᠬᠡᠷᠡᠭᠴᠡᠭᠡ ᠶᠢ ᠲᠤᠰᠬᠠᠢ ᠬᠤᠨᠢ ᠮᠠᠯᠵᠢᠵᠤ ᠲᠠᠰᠤᠯᠤᠨ᠎ᠠ᠃      ᠬᠤᠨᠢ ᠶᠢ ᠪᠠᠰᠠ ᠬᠤᠯᠪᠣᠵᠤ ᠰᠠᠭᠠᠵᠤ ᠰᠦ ᠴᠠᠭᠠᠨ ᠢᠳᠡᠭᠡᠨ ᠤ ᠠᠰᠠᠭᠤᠳᠠᠯ ᠢ ᠲᠠᠰᠤᠯᠤᠨ᠎ᠠ᠃ ᠰᠦ ᠵᠠᠮᠬᠠᠷᠠᠭᠠᠵᠤ ᠥᠷᠥᠮ᠎ᠡ ᠬᠥᠰᠢᠶᠡᠬᠦ᠂ ᠠᠶᠢᠷᠠᠭ ᠪᠠᠷᠢᠬᠤ ᠳᠤ ᠲᠣᠩ ᠰᠠᠶᠢᠨ ᠪᠥᠭᠡᠳ ᠰᠦ ᠨᠢ ᠥᠳᠬᠡᠨ ᠴᠢᠨᠠᠷᠯᠢᠭ ᠪᠣᠯᠣᠨ᠎ᠠ᠃ ᠬᠤᠨᠢ ᠶᠢ ᠪᠠᠰᠠ ᠵᠣᠬᠢᠬᠤ ᠲᠤᠭ᠎ᠠ ᠪᠠᠷ ᠲᠥᠯᠥᠪᠯᠡᠵᠦ ᠲᠠᠸᠠᠷᠯᠠᠵᠤ ᠬᠤᠳᠠᠯᠳᠤᠳᠠᠭ᠃      ᠦᠵᠦᠮᠦᠴᠢᠨ ᠳᠤ ᠬᠤᠨᠢ ᠶᠢ ᠭᠤᠣᠯ ᠬᠥᠷᠥᠩᠭᠡ ᠪᠠᠷ ᠲᠣᠭᠲᠠᠭᠠᠵᠤ᠂ ᠬᠡᠷᠡᠭᠴᠡᠭᠡ ᠲᠠᠢ ᠠᠮᠢᠳᠤᠷᠠᠯ ᠳᠠᠭᠠᠨ ᠲᠤᠰᠬᠠᠶᠢᠵᠢᠭᠤᠯᠤᠨ ᠵᠦᠢ ᠵᠣᠬᠢᠰᠲᠠᠢ ᠬᠡᠷᠡᠭᠯᠡᠬᠦ ᠶᠢ ᠳᠦᠷᠢᠮᠵᠢᠭᠦᠯᠦᠭᠰᠡᠨ ᠨᠢ ᠬᠤᠨᠢᠨ ᠤ ᠠᠵᠤ ᠠᠬᠤᠢ ᠶᠢᠨ ᠬᠥᠭᠵᠢᠯᠲᠡ ᠶᠢ ᠲᠦᠷᠭᠡᠳᠬᠡᠵᠦ᠂ ᠠᠰᠢᠭᠯᠠᠯᠲᠠ ᠶᠢᠨ ᠦᠷ᠎ᠡ ᠠᠰᠢᠭ ᠢ ᠳᠡᠭᠡᠭᠰᠢᠯᠡᠭᠦᠯᠵᠦ ᠢᠷᠠᠵᠠᠢ᠃ ᠡᠶᠢᠮᠦ ᠠᠴᠠ ᠦᠵᠦᠮᠦᠴᠢᠨ᠂ ᠬᠤᠨᠢᠨ ᠤ ᠣᠨᠴᠠ ᠭᠠᠷᠤᠯᠲᠠ ᠶᠢᠨ ᠣᠷᠣᠨ ᠪᠣᠯᠵᠠᠢ᠃ ᠠᠳᠡ ᠬᠤᠨᠢ ᠲᠠᠪᠤᠨ ᠬᠤᠰᠢᠭᠤ ᠮᠠᠯ ᠤᠨ ᠳᠣᠲᠣᠷ᠎ᠠ ᠡᠷᠲᠡ ᠳᠡᠭᠡᠳᠦ ᠠᠴᠠ ᠭᠤᠣᠯ ᠪᠠᠶᠢᠷᠢ ᠶᠢ ᠡᠵᠡᠯᠡᠵᠦ ᠪᠦᠬᠦ ᠮᠠᠯ ᠤᠨ ᠳᠣᠲᠣᠷ᠎ᠠ ᠬᠠᠮᠤᠭ ᠤᠨ ᠠᠷᠪᠢᠨ ᠬᠠᠷᠢᠴᠠᠯ ᠲᠠᠢ ᠪᠠᠶᠢᠳᠠᠭ᠃      5.  ᠦᠵᠦᠮᠦᠴᠢᠨ ᠳᠤ ᠢᠮᠠᠭ᠎ᠠ ᠶᠢ ᠪᠠᠰᠠ ᠲᠤᠰᠬᠠᠢ ᠵᠣᠷᠢᠯᠭ᠎ᠠ ᠤᠷᠢᠯᠭ᠎ᠠ ᠲᠠᠢ ᠮᠠᠯᠵᠢᠳᠠᠭ᠃ ᠢᠮᠠᠭᠠᠨ ᠤ ᠲᠤᠰᠬᠠᠢ ᠬᠡᠷᠡᠭᠴᠡᠭᠡ ᠪᠣᠯ ᠢᠮᠠᠭ᠎ᠠ ᠶᠢ ᠲᠠᠪᠤᠨ ᠬᠤᠰᠢᠭᠤ ᠮᠠᠯ ᠤᠨ ᠴᠢᠬᠤᠯᠠ ᠪᠦᠷᠢᠯᠳᠦᠬᠦᠨ᠂ ᠠᠮᠢᠳᠤᠷᠠᠯ ᠤᠨ ᠴᠢᠬᠤᠯᠠ ᠬᠥᠷᠥᠩᠭᠡ ᠶᠢᠨ ᠨᠢᠭᠡ ᠪᠠᠷ ᠦᠵᠡᠳᠡᠭ᠃ ᠦᠵᠦᠮᠦᠴᠢᠨ ᠮᠣᠩᠭᠤᠯᠴᠤᠳ ᠲᠡᠭᠦᠨ ᠢ ᠮᠢᠬ᠎ᠠ ᠠᠷᠠᠰᠤ ᠨᠣᠣᠰᠣ ᠪᠠ ᠰᠦ ᠶᠢᠨ ᠬᠡᠷᠡᠭᠴᠡᠭᠡᠨ ᠳᠤ ᠠᠰᠢᠭᠯᠠᠬᠤ ᠵᠣᠷᠢᠯᠭ᠎ᠠ ᠲᠠᠢ ᠲᠡᠵᠢᠭᠡᠵᠦ ᠡᠵᠡᠩᠨᠡᠳᠡᠭ᠃     ᠢᠮᠠᠭ᠎ᠠ ᠶᠢ ᠪᠠᠰᠠ ᠵᠤᠨ ᠤ ᠱᠥᠯᠥ ᠤᠤᠭᠤᠬᠤ᠂ ᠡᠪᠦᠯ ᠤᠨ ᠢᠳᠡᠰᠢ ᠢᠳᠡᠬᠦ ᠳᠤ ᠪᠠᠵᠠᠭᠠᠵᠤ ᠠᠯᠠᠵᠤ ᠢᠳᠡᠳᠡᠭ᠃ ᠴᠢᠩᠭᠢᠬᠦ ᠳᠡᠭᠡᠨ ᠲᠡᠷᠡ ᠨᠢ ᠪᠣᠭ ᠮᠠᠯ ᠢᠳᠡᠬᠦ ᠶᠡᠷᠦᠩᠬᠡᠢ ᠲᠣᠭᠠᠨ ᠳᠤ ᠪᠠᠭᠲᠠᠵᠤ᠂ ᠬᠤᠨᠢᠨ ᠳᠤ ᠨᠥᠬᠦᠪᠦᠷᠢ ᠪᠣᠯᠣᠨ᠎ᠠ᠃      ᠠᠷᠠᠰᠤ ᠨᠢ ᠮᠥᠨ ᠬᠦᠢᠲᠡᠨ ᠴᠠᠭ ᠲᠤ ᠡᠮᠦᠰᠬᠦ ᠳᠡᠪᠡᠯ ᠥᠮᠥᠳᠦ ᠵᠡᠷᠭᠡ ᠨᠡᠬᠡᠢ ᠬᠤᠪᠴᠠᠰᠤ ᠬᠢᠬᠦ ᠳᠤ ᠲᠣᠬᠢᠷᠠᠳᠠᠭ᠃ ᠦᠰᠦ ᠨᠢ ᠬᠡᠪᠡᠷᠡᠭ ᠴᠦ ᠬᠥᠷᠥᠰᠥ ᠨᠢ ᠣᠨᠴᠤᠭᠤᠢ ᠪᠥᠬᠡ ᠪᠠᠶᠢᠵᠤ ᠢᠯᠭᠢ ᠶᠢᠨ ᠡᠳ᠋ᠯᠡᠯ ᠬᠢᠬᠦ ᠳᠤ ᠲᠣᠩ ᠰᠠᠶᠢᠨ ᠶᠤᠮ᠃ ᠢᠮᠠᠭᠠᠨ ᠰᠦ ᠨᠢ ᠠᠶᠢᠷᠠᠭ ᠪᠠᠷᠢᠬᠤ ᠳᠤ ᠰᠠᠶᠢᠬᠠᠨ ᠪᠥᠭᠡᠳ ᠢᠮᠠᠭ᠎ᠠ ᠶᠢ ᠰᠠᠭᠠᠬᠤ ᠴᠠᠭ ᠨᠢ ᠤᠷᠲᠤ᠂ ᠰᠦᠨ ᠤ ᠭᠠᠷᠤᠯᠲᠠ ᠨᠡᠯᠢᠶᠡᠳ ᠥᠨᠳᠥᠷ ᠵᠡᠷᠭᠡ ᠣᠨᠴᠠᠯᠢᠭ ᠲᠠᠢ ᠪᠠᠶᠢᠳᠠᠭ᠃ ᠨᠣᠣᠰᠣ ᠨᠣᠯᠤᠤᠷ ᠨᠢ ᠴᠦ ᠡᠷᠲᠡᠨ ᠠᠴᠠ ᠪᠠᠨ ᠣᠨᠴᠠ ᠭᠠᠷᠤᠯᠲᠠ ᠪᠠᠶᠢᠵᠠᠢ᠃     ᠢᠮᠠᠭ᠎ᠠ ᠶᠢ ᠦᠵᠦᠮᠦᠴᠢᠨ ᠤ ᠠᠭᠤᠯᠠ ᠬᠠᠳᠠᠷᠠᠬᠠᠭ ᠣᠷᠣᠨ᠂ ᠡᠮᠦᠨ᠎ᠡ ᠲᠠᠯ᠎ᠠ ᠶᠢᠨ ᠬᠢᠩᠭ᠎ᠠ ᠪᠠᠷ ᠥᠰᠬᠡᠬᠦ ᠳᠤ ᠲᠣᠩ ᠠᠶᠠᠲᠠᠢ ᠪᠥᠭᠡᠳ ︽ᠬᠢᠩᠭ᠎ᠠ ᠢᠮᠠᠭ᠎ᠠ︾ ᠪᠡᠶ᠎ᠡ ᠪᠦᠳᠦᠭᠦᠨ ᠮᠢᠬ᠎ᠠ ᠥᠭᠡᠬᠦ ᠶᠡᠭᠡ᠂ ᠨᠣᠣᠰᠣ ᠨᠣᠯᠤᠤᠷ ᠨᠢ ᠠᠷᠪᠢᠨ ᠪᠠᠶᠢᠳᠠᠭ᠃       ᠦᠵᠦᠮᠦᠴᠢᠨ ᠮᠣᠩᠭᠤᠯᠴᠤᠳ ᠲᠡᠦᠬᠡᠨ ᠳᠡᠭᠡᠷ᠎ᠡ᠂ ᠲᠠᠪᠤᠨ ᠬᠤᠰᠢᠭᠤ ᠮᠠᠯ ᠢ ᠵᠡᠷᠭᠡ ᠪᠠᠷ ᠪᠦᠷᠢᠯᠳᠦᠭᠦᠯᠦᠨ ᠮᠠᠯᠵᠢᠬᠤ ᠶᠢᠨ ᠬᠠᠮᠲᠤ᠂ ᠲᠡᠳᠡᠨ ᠤ ᠲᠤᠰ ᠲᠤᠰ ᠤᠨ ᠣᠨᠴᠠᠯᠢᠭ ᠲᠤᠨᠢ ᠲᠣᠬᠢᠷᠠᠭᠤᠯᠵᠤ᠂ ᠦᠢᠯᠡᠳᠪᠦᠷᠢᠯᠡᠯ ᠠᠮᠢᠳᠤᠷᠠᠯ ᠳᠤ ᠲᠤᠰ ᠲᠤᠰ ᠢᠶᠠᠷ ᠨᠢ ᠲᠤᠰᠬᠠᠶᠢᠵᠢᠭᠤᠯᠤᠨ ᠠᠰᠢᠭᠯᠠᠵᠤ ᠵᠠᠷᠤᠴᠠᠭᠤᠯᠳᠠᠭ ᠪᠣᠯᠣᠭᠰᠠᠨ ᠨᠢ᠂ ᠲᠡᠳᠡ ᠤᠷᠲᠤ ᠬᠤᠭᠤᠴᠠᠭᠠᠨ ᠤ ᠦᠢᠯᠡᠳᠪᠦᠷᠢᠯᠡᠯ ᠤᠨ ᠲᠡᠮᠡᠴᠡᠯ ᠤᠨ ᠳᠤᠮᠳᠠ᠂ ᠲᠠᠪᠤᠨ ᠬᠤᠰᠢᠭᠤ ᠮᠠᠯ ᠢ ᠲᠥᠷᠥᠯ ᠵᠦᠢᠯ ᠎ ᠢᠶᠠᠷ ᠨᠢ ᠢᠯᠭᠠᠨ᠂ ᠲᠤᠰ ᠪᠡᠶ᠎ᠡ ᠶᠢᠨ ᠮᠥᠨ ᠴᠢᠨᠠᠷ ᠢ ᠰᠢᠨᠵᠢᠯᠡᠬᠦ ᠤᠬᠠᠭᠠᠨᠴᠢ ᠪᠠᠷ ᠰᠤᠳᠤᠯᠤᠨ ᠲᠠᠨᠢᠭᠰᠠᠨ ᠲᠤᠷᠰᠢᠯᠭ᠎ᠠ ᠶᠢᠨ ᠬᠤᠷᠢᠶᠠᠩᠭᠤᠶᠢᠯᠠᠯ ᠮᠥᠨ᠃ ᠲᠡᠷᠡ ᠨᠢ ᠮᠠᠯ ᠢ ᠮᠠᠯᠵᠢᠵᠤ᠂ ᠡᠳ᠋ᠯᠡᠵᠦ ᠬᠡᠷᠡᠭᠯᠡᠬᠦ ᠳᠤ ᠶᠠᠮᠠᠷ ᠮᠠᠯ ᠢ ᠶᠠᠭᠤᠨ ᠳᠤ ᠶᠠᠭᠠᠬᠢᠵᠤ ᠬᠡᠷᠡᠭᠯᠡᠬᠦ ᠶᠢ ᠥᠪᠡᠷᠮᠢᠴᠡ ᠴᠢᠳᠠᠪᠬᠢ ᠶᠢᠨ ᠵᠦᠢ ᠶᠣᠰᠣᠭᠠᠷ ᠨᠢ ᠲᠣᠭᠲᠠᠭᠠᠵᠤ᠂ ᠲᠡᠭᠦᠨ ᠎ ᠢᠶᠠᠨ ᠴᠢᠨᠠᠭᠰᠢ ᠦᠢᠯᠡᠳᠪᠦᠷᠢᠯᠡᠯ ᠤᠨ ᠬᠥᠭᠵᠢᠯᠲᠡ ᠬᠡᠷᠡᠭᠯᠡᠯᠲᠡ ᠶᠢᠨ ᠦᠷ᠎ᠡ ᠠᠰᠢᠭ ᠢ ᠨᠡᠮᠡᠭᠳᠡᠭᠦᠯᠦᠭᠰᠡᠨ ᠦᠢᠯᠡᠳᠪᠦᠷᠢᠯᠡᠯ ᠤᠨ ᠠᠷᠭ᠎ᠠ ᠮᠠᠶ᠋ᠢᠭ ᠤᠨ ᠳᠦᠷᠢᠮᠵᠢᠯᠡᠯ᠂ ᠬᠡᠷᠡᠭᠯᠡᠯᠲᠡ᠂ ᠠᠰᠢᠭᠯᠠᠯᠲᠠ ᠶᠢᠨ ᠲᠤᠰᠬᠠᠶᠢᠵᠢᠯᠠᠯ ᠢ ᠲᠣᠭᠲᠠᠭᠠᠭᠰᠠᠨ ᠪᠠᠶᠢᠨ᠎ᠠ᠃ ᠡᠨᠡᠬᠦ ᠲᠣᠭᠲᠠᠴᠠ ᠨᠢ ᠲᠡᠷᠡ ᠦᠶ᠎ᠡ ᠶᠢᠨ ᠨᠥᠬᠦᠴᠡᠯ ᠳᠤ ᠮᠠᠯ ᠰᠦᠷᠦᠭ ᠤᠨ ᠥᠪᠡᠷ ᠎ ᠤᠨ ᠪᠤᠰᠤᠳᠴᠢ ᠵᠦᠢ ᠶᠣᠰᠣᠨ ᠳᠤ ᠨᠡᠶᠢᠴᠡᠵᠦ ᠮᠠᠯ ᠠᠵᠤ ᠠᠬᠤᠢ ᠶᠢᠨ ᠦᠢᠯᠡᠳᠪᠦᠷᠢᠯᠡᠯ ᠢ ᠬᠥᠭᠵᠢᠭᠦᠯᠬᠦ ᠳᠤ ᠳᠤᠲᠠᠭᠳᠠᠵᠤ ᠪᠣᠯᠬᠤ ᠦᠭᠡᠢ ᠲᠡᠦᠬᠡᠨ ᠦᠢᠯᠡᠳᠦᠯ ᠦᠵᠡᠭᠦᠯᠦᠭᠰᠡᠭᠡᠷ ᠢᠷᠠᠵᠠᠢ᠃       ᠲᠡᠷᠡ ᠨᠢ ᠪᠠᠰᠠ ᠡᠰᠡᠷᠭᠦ ᠲᠠᠯ᠎ᠠ ᠠᠴᠠ ᠪᠠᠨ ᠮᠠᠯ ᠰᠦᠷᠦᠭ ᠤᠨ ᠪᠤᠰᠤᠳᠴᠢ ᠨᠥᠬᠦᠴᠡᠯ ᠠᠴᠠ ᠵᠥᠷᠢᠴᠡᠭᠰᠡᠨ ᠮᠠᠯ ᠠᠵᠤ ᠠᠬᠤᠢ ᠦᠢᠯᠡᠳᠪᠦᠷᠢᠯᠡᠯ ᠤᠨ ᠮᠠᠯᠵᠢᠯ ᠤᠨ ᠠᠷᠭ᠎ᠠ ᠮᠠᠶ᠋ᠢᠭ᠂ ᠡᠵᠡᠩᠨᠡᠯᠲᠡ ᠶᠢᠨ ᠬᠡᠯᠪᠡᠷᠢ ᠬᠡᠷᠡᠭᠯᠡᠯᠲᠡ ᠶᠢᠨ ᠶᠣᠰᠣ ᠪᠤᠰᠤ ᠶᠢ  ᠬᠢᠵᠠᠭᠠᠷᠯᠠᠵᠤ ᠢᠷᠠᠵᠠᠢ᠃ ᠭᠡᠪᠡᠴᠦ ᠦᠵᠦᠮᠦᠴᠢᠨ ᠳᠤ ᠣᠨᠴᠤᠭᠤᠢ ᠪᠠᠶᠢᠳᠠᠯ ᠤᠨ ᠳᠣᠣᠷ᠎ᠠ᠂ ᠡᠯ᠎ᠡ ᠲᠥᠷᠥᠯ ᠤᠨ ᠮᠠᠯ ᠤᠨ ᠬᠡᠷᠡᠭᠯᠡᠯᠲᠡ ᠶᠢ ᠠᠮᠢᠳᠤᠯᠢᠭ ᠢᠶᠠᠷ ᠲᠣᠬᠢᠷᠠᠭᠤᠯᠵᠤ ᠠᠰᠢᠭᠯᠠᠳᠠᠭ᠃ ᠲᠡᠷᠡ ᠨᠢ ᠮᠥᠨᠴᠤ ᠣᠨᠴᠤᠭᠤᠢ ᠲᠡᠦᠬᠡᠨ ᠨᠥᠬᠦᠴᠡᠯ ᠣᠨᠴᠤᠭᠤᠢ ᠬᠡᠷᠡᠭᠴᠡᠭᠡᠨ ᠳᠤ ᠨᠡᠶᠢᠴᠡᠳᠡᠭ ᠪᠣᠯᠬᠤᠷ ᠲᠡᠳᠡᠨ ᠤ ᠦᠢᠯᠡᠳᠪᠦᠷᠢᠯᠡᠯ ᠠᠮᠢᠳᠤᠷᠠᠯ ᠳᠤ ᠠᠰᠢᠭ ᠲᠠᠢ ᠪᠠᠶᠢᠭᠰᠠᠨ ᠪᠠᠶᠢᠨ᠎ᠠ᠃      ᠳᠥᠷᠪᠡ᠂ ᠦᠵᠦᠮᠦᠴᠢᠨ ᠤ ᠤᠯᠠᠮᠵᠢᠯᠠᠯᠲᠤ ᠠᠵᠤ ᠠᠬᠤᠢ ᠳᠠᠬᠢ ᠲᠠᠪᠤᠨ ᠬᠤᠰᠢᠭᠤ ᠮᠠᠯ ᠪᠣᠯ ᠲᠡᠳᠡᠨ ᠤ ᠡᠳ᠋ ᠤᠨ ᠵᠠᠰᠠᠭ ᠤᠨ ᠬᠥᠭᠵᠢᠯᠲᠡ ᠶᠢᠨ ᠭᠤᠣᠯ ᠰᠠᠭᠤᠷᠢ ᠮᠥᠨ᠃ ᠲᠠᠪᠤᠨ ᠬᠤᠰᠢᠭᠤ ᠮᠠᠯ ᠨᠢ ᠤᠷᠲᠤ ᠬᠤᠭᠤᠴᠠᠭᠠᠨ ᠤ ᠲᠤᠷᠰᠢ ᠦᠵᠦᠮᠦᠴᠢᠨ ᠤ ᠬᠥᠮᠥᠨ ᠠᠷᠠᠳ ᠨᠡᠶᠢᠭᠡᠮ ᠨᠡᠶᠢᠲᠡ ᠶᠢᠨ ᠪᠣᠳᠠᠰ ᠤᠨ ᠪᠠ ᠰᠣᠶᠣᠯ ᠤᠨ ᠠᠮᠢᠳᠤᠷᠠᠯ ᠤᠨ ᠬᠡᠷᠡᠭᠴᠡᠭᠡ ᠶᠢ ᠬᠠᠩᠭᠠᠵᠤ᠂ ᠴᠢᠨᠠᠭᠰᠢᠯᠠᠨ ᠲᠡᠳᠡᠨ ᠤ ᠦᠢᠯᠡᠳᠪᠦᠷᠢᠯᠡᠯ ᠤᠨ ᠨᠥᠬᠦᠨ ᠦᠢᠯᠡᠳᠪᠦᠷᠢᠯᠡᠬᠦ᠂ ᠥᠷᠭᠡᠳᠬᠡᠨ ᠦᠢᠯᠡᠳᠪᠦᠷᠢᠯᠡᠬᠦ ᠶᠢᠨ ᠭᠦᠨᠵᠡᠭᠡᠶᠢᠷᠡᠯ ᠪᠠ ᠥᠷᠭᠡᠵᠢᠯ ᠢ ᠪᠠᠲᠤᠯᠠᠵᠤ ᠢᠷᠡᠭᠰᠡᠨ ᠪᠠᠶᠢᠨ᠎ᠠ᠃      ᠦᠵᠦᠮᠦᠴᠢᠨ ᠤ ᠤᠯᠠᠮᠵᠢᠯᠠᠯᠲᠤ ᠮᠠᠯ ᠠᠵᠤ ᠠᠬᠤᠢ ᠶᠢᠨ ᠥᠮᠴᠢᠯᠡᠯ ᠤᠨ ᠲᠣᠭᠲᠠᠴᠠ᠂ ᠡᠵᠡᠩᠨᠡᠯᠲᠡ ᠶᠢᠨ ᠬᠡᠯᠪᠡᠷᠢ ᠨᠢ ᠨᠡᠶᠢᠭᠡᠮ ᠲᠡᠦᠬᠡ ᠶᠢᠨ ᠵᠠᠶᠢᠯᠠᠰᠢ ᠦᠭᠡᠢ ᠬᠥᠭᠵᠢᠯᠲᠡ ᠶᠢᠨ ᠵᠢᠮ᠎ᠡ ᠶᠣᠰᠣ ᠶᠢᠨ ᠠᠯᠬᠤᠮ ᠳᠠᠷᠠᠭ᠎ᠠ ᠪᠠᠷ ᠶᠠᠪᠤᠭᠳᠠᠵᠤ᠂ ᠪᠦᠷ ᠭᠡᠷ ᠪᠦᠯᠢ ᠪᠠᠷ ᠨᠢᠭᠡᠴᠢᠯᠡᠭᠰᠡᠨ ᠬᠤᠪᠢ ᠶᠢᠨ ᠠᠵᠤ ᠠᠬᠤᠶᠢᠯᠠᠯ ᠪᠠᠶᠢᠭᠰᠠᠨ ᠶᠤᠮ᠃ ᠬᠤᠪᠢ ᠎ ᠶᠢᠨ ᠠᠵᠤ ᠠᠬᠤᠢ ᠶᠢᠨ ᠠᠳᠡᠬᠢ ᠶᠢᠨ ᠬᠥᠮᠥᠨ ᠠᠷᠠᠳ ᠤᠨ ᠨᠡᠶᠢᠭᠡᠮ ᠤᠨ ᠤᠯᠤᠰ ᠲᠥᠷᠥ᠂ ᠠᠵᠤ ᠠᠬᠤᠢ ᠶᠢᠨ ᠪᠠᠶᠢᠷᠢ ᠰᠠᠭᠤᠷᠢ᠂ ᠦᠢᠯᠡᠳᠪᠦᠷᠢᠯᠡᠬᠦ ᠬᠦᠴᠦᠨ ᠤ ᠪᠤᠰᠤᠳᠴᠢ ᠨᠥᠬᠦᠴᠡᠯ ᠵᠡᠷᠭᠡ ᠣᠯᠠᠨ ᠲᠠᠯ᠎ᠠ ᠶᠢᠨ ᠬᠦᠴᠦᠨ ᠵᠦᠢᠯ ᠂ ᠤᠴᠢᠷ ᠰᠢᠯᠲᠠᠭᠠᠨ ᠠᠴᠠ ᠪᠣᠯᠵᠤ᠂ ᠪᠠᠶᠠᠨ ᠶᠠᠳᠠᠭᠤ ᠠᠶᠢᠯ ᠡᠷᠦᠬᠡ᠂ ᠪᠠᠶᠠᠨ ᠶᠠᠳᠠᠭᠤ ᠬᠥᠮᠥᠨ ᠠᠷᠠᠳ ᠤᠨ ᠠᠬᠤᠢ ᠠᠮᠢᠳᠤᠷᠠᠯ ᠤᠨ ᠠᠵᠤ ᠠᠬᠤᠢ ᠶᠢᠨ ᠵᠥᠷᠢᠶ᠎ᠡ ᠶᠢ ᠪᠣᠢ ᠪᠣᠯᠭᠠᠵᠠᠢ᠃ ᠡᠶᠢᠮᠦ ᠠᠴᠠ ᠠᠮᠢᠳᠤᠷᠠᠯ ᠤᠨ ᠲᠦᠪᠰᠢᠨ ᠠᠳᠠᠯᠢ ᠦᠭᠡᠢ ᠪᠠᠶᠢᠳᠠᠭ ᠪᠠᠶᠢᠨ᠎ᠠ  ᠃        ᠭᠡᠪᠡᠴᠦ ᠨᠡᠶᠢᠭᠡᠮ ᠨᠡᠶᠢᠲᠡ ᠶᠢᠨ ᠶᠡᠷᠦᠩᠬᠡᠢ ᠠᠮᠢᠳᠤᠷᠠᠯ ᠤᠨ ᠠᠷᠭ᠎ᠠ ᠬᠡᠯᠪᠡᠷᠢ ᠳᠡᠭᠡᠷ᠎ᠡ ᠪᠠᠨ ᠪᠠᠶᠠᠨ ᠶᠠᠳᠠᠭᠤ ᠦᠭᠡᠢ ᠪᠦᠷ ᠮᠠᠯ ᠠᠵᠤ ᠠᠬᠤᠢ ᠶᠢᠨ ᠦᠢᠯᠡᠳᠪᠦᠷᠢᠯᠡᠯ ᠳᠡᠭᠡᠨ ᠲᠦᠰᠢᠭᠯᠡᠵᠦ ᠠᠮᠢᠳᠤᠷᠠᠭᠰᠠᠭᠠᠷ ᠢᠷᠠᠵᠠᠢ᠃ ᠨᠡᠩ ᠴᠦ ᠲᠡᠳᠡ ᠨᠡᠶᠢᠭᠡᠮ ᠣᠯᠠᠨ ᠢᠶᠠᠷ ᠢᠶᠠᠨ ᠪᠦᠷ ︽ᠲᠠᠪᠤᠨ ᠬᠤᠰᠢᠭᠤ ᠮᠠᠯ ᠳᠠᠭᠠᠨ ᠲᠦᠰᠢᠭᠯᠡᠵᠦ︾ ᠦᠢᠯᠡᠳᠪᠦᠷᠢᠯᠡᠯ ᠠᠮᠢᠳᠤᠷᠠᠯ ᠤᠨ ᠦᠨᠳᠦᠰᠦᠨ ᠠᠰᠠᠭᠤᠳᠠᠯ ᠢᠶᠠᠨ ᠲᠠᠰᠤᠯᠳᠠᠭ ᠪᠠᠶᠢᠨ᠎ᠠ᠃      ᠬᠡᠳᠦᠶᠢᠪᠡᠷ ᠦᠵᠦᠮᠦᠴᠢᠨ ᠤ ᠠᠵᠤ ᠠᠬᠤᠢ ᠶᠢᠨ ᠬᠡᠯᠪᠡᠷᠢ ᠳᠤ ᠵᠠᠷᠢᠮ ᠲᠠᠯ᠎ᠠ ᠪᠠᠷ ᠪᠤᠰᠤᠳ ᠵᠦᠢᠯ ᠤᠨ ᠠᠵᠤ ᠠᠬᠤᠢ ᠶᠢᠨ ᠬᠡᠯᠪᠡᠷᠢ ᠣᠷᠣᠰᠢᠵᠤ ᠪᠠᠶᠢᠭᠰᠠᠨ ᠴᠦ᠂ ᠲᠡᠷᠡ ᠨᠢ ᠪᠦᠷ ︽ᠲᠠᠪᠤᠨ ᠬᠤᠰᠢᠭᠤ ᠮᠠᠯ︾᠎ ᠢᠶᠠᠷ ᠭᠤᠣᠯ ᠪᠣᠯᠭᠠᠭᠰᠠᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠲᠣᠭᠤᠷᠢᠨ ᠳᠤ ᠶᠠᠪᠤᠭᠳᠠᠭᠰᠠᠨ ᠪᠠᠶᠢᠨ᠎ᠠ᠃      ᠨᠡᠯᠢᠶᠡᠳ ᠡᠷᠲᠡ ᠦᠶ᠎ᠡ ᠠᠴᠠ ᠠᠪᠤᠭᠠᠳ᠂ ᠦᠵᠦᠮᠦᠴᠢᠨ ᠠᠶᠢᠯ ᠡᠷᠦᠬᠡ ᠶᠢᠨ ᠬᠥᠮᠥᠨ ᠠᠮᠠ ᠳᠤᠮᠳᠠᠴᠢ ᠎ ᠪᠠᠷ ᠪᠠᠷᠤᠭ 3 ~7 ᠠᠮᠠ ᠬᠥᠮᠥᠨ ᠤ ᠬᠤᠭᠤᠷᠣᠨᠳᠤ ᠪᠠᠶᠢᠵᠠᠢ᠃ ᠲᠡᠷᠡ ᠦᠶ᠎ᠡ ᠳᠤ᠂ ᠨᠡᠶᠢᠭᠡᠮ ᠤᠨ ᠬᠠᠮᠤᠭ ᠤᠨ ᠶᠠᠳᠠᠭᠤ ᠡᠷᠦᠬᠡ ᠴᠦ 1 ~2 ᠲᠣᠯᠣᠭᠠᠢ ᠠᠳᠤᠭᠤ᠂ 4 ~6 ᠲᠣᠯᠣᠭᠠᠢ ᠦᠬᠡᠷ᠂ 15 ~ 20 ᠲᠣᠯᠣᠭᠠᠢ ᠬᠤᠨᠢ ᠢᠮᠠᠭ᠎ᠠ ᠲᠠᠢ ᠪᠠᠶᠢᠭᠰᠠᠨ ᠪᠣᠯᠣᠨ᠎ᠠ᠃ ᠠᠳᠡ ᠣᠨᠴᠤᠭᠤᠢ ᠨᠥᠬᠦᠴᠡᠯ ᠠᠴᠠ ᠪᠤᠰᠤᠳ ︽ᠭᠠᠩ ᠭᠡᠬᠦ ᠨᠣᠬᠠᠢ ᠦᠭᠡᠢ᠂ ᠭᠠᠵᠠᠷ ᠬᠢᠰᠬᠢᠬᠦ ᠮᠠᠯ ᠦᠭᠡᠢ︾ ᠠᠶᠢᠯ ᠡᠷᠦᠬᠡ ᠨᠢᠭᠡ ᠴᠦ ᠪᠠᠶᠢᠭᠰᠠᠨ ᠦᠭᠡᠢ᠃ ᠣᠯᠠᠩᠬᠢ ᠳᠠᠭᠠᠨ ᠨᠡᠯᠢᠶᠡᠳ ᠲᠥᠯᠥᠭᠡᠯᠡᠬᠦ ᠴᠢᠨᠠᠷ ᠲᠠᠢ ᠨᠡᠶᠢᠭᠡᠮ ᠤᠨ ᠶᠠᠳᠠᠭᠤᠯᠢᠭ ᠠᠮᠢᠳᠤᠷᠠᠯ ᠲᠠᠢ ︽ᠶᠠᠳᠠᠭᠤ ᠡᠷᠦᠬᠡ︾ ᠴᠦ 50 ~100 ᠰᠢᠬᠠᠮ ᠲᠣᠯᠣᠭᠠᠢ ᠪᠣᠳᠠ ᠪᠣᠭ ᠮᠠᠯ ᠲᠠᠢ ᠪᠠᠶᠢᠵᠤ᠂ ᠠᠷᠭᠠᠮᠵᠢᠶᠠᠨ ᠤ ᠮᠣᠷᠢ᠂ ᠤᠰᠤᠨ ᠤ ᠦᠬᠡᠷ᠂ ᠴᠠᠢ ᠶᠢᠨ ᠰᠦᠨ ᠤ ᠦᠨᠢᠶ᠎ᠡ ᠲᠠᠢ ᠪᠠᠶᠢᠳᠠᠭ᠃      ᠳᠤᠮᠳᠠ ᠶᠢᠨ ᠮᠠᠯ ᠬᠥᠷᠥᠩᠭᠡ ᠲᠠᠢ ᠠᠶᠢᠯ ᠡᠷᠦᠬᠡ ᠨᠢ 200 ~ 300 ᠪᠣᠭ ᠮᠠᠯ᠂ 20 ~ 30 ᠲᠣᠯᠣᠭᠠᠢ ᠦᠬᠡᠷ᠂10 ~ 20 ᠲᠣᠯᠣᠭᠠᠢ ᠠᠳᠤᠭᠤ ᠲᠠᠢ ᠪᠠᠶᠢᠳᠠᠭ᠃ ᠨᠡᠯᠢᠶᠡᠳ ᠴᠢᠨᠡᠭᠡᠯᠢᠭ ᠠᠶᠢᠯ ᠡᠷᠦᠬᠡ ᠨᠢ 500 ~ 700 ᠲᠣᠯᠣᠭᠠᠢ ᠪᠣᠭ ᠮᠠᠯ᠂ 70 ᠣᠷᠴᠢᠮ ᠦᠬᠡᠷ᠂ 50 ~ 60 ᠲᠣᠯᠣᠭᠠᠢ ᠠᠳᠤᠭᠤ᠂3 ~ 5 ᠲᠣᠯᠣᠭᠠᠢ ᠲᠡᠮᠡᠭᠡ ᠲᠠᠢ ᠪᠠᠶᠢᠳᠠᠭ᠃     ᠪᠠᠶᠠᠨ ᠪᠠ ᠪᠠᠶᠠᠯᠢᠭ ᠠᠮᠢᠳᠤᠷᠠᠯ ᠲᠠᠢ ᠡᠷᠦᠬᠡ ᠨᠢ 1000 ᠣᠷᠴᠢᠮ ᠲᠣᠯᠣᠭᠠᠢ ᠪᠣᠭ ᠮᠠᠯ᠂100 ᠭᠠᠷᠤᠢ ᠲᠣᠯᠣᠭᠠᠢ ᠦᠬᠡᠷ᠂ 200 ~ 300 ᠲᠣᠯᠣᠭᠠᠢ ᠠᠳᠤᠭᠤ᠂ 30 ~ 40 ᠲᠣᠯᠣᠭᠠᠢ ᠲᠡᠮᠡᠭᠡ ᠲᠠᠢ ᠪᠠᠶᠢᠳᠠᠭ᠃ ᠣᠨᠴᠤᠭᠤᠢ ᠪᠠᠶᠠᠨ ᠡᠷᠦᠬᠡ ᠴᠥᠭᠡᠪᠦᠷᠢ ᠪᠣᠯᠣᠨ᠎ᠠ᠃ ᠭᠡᠪᠡᠴᠦ ᠳᠠᠩ ᠲᠥᠷᠥᠯ ᠤᠨ ᠮᠠᠯ ᠨᠢ 1000 ᠲᠣᠯᠣᠭᠠᠢ ᠶᠢ ᠳᠠᠪᠠᠭᠰᠠᠨ ᠠᠶᠢᠯ ᠡᠷᠦᠬᠡ ᠶᠡᠷᠦ ᠳᠡᠭᠡᠨ 1 ~ 2 ᠲᠠᠰᠤᠷᠠᠭ᠎ᠠ ᠦᠭᠡᠢ ᠭᠠᠷᠤᠭᠰᠠᠭᠠᠷ ᠢᠷᠠᠵᠠᠢ᠃        ᠶᠠᠭᠤ ᠪᠣᠯᠣᠭᠰᠠᠨ ᠴᠦ ᠦᠵᠦᠮᠦᠴᠢᠨ ᠤ ᠲᠡᠦᠬᠡᠨ ᠳᠡᠭᠡᠷ᠎ᠡ᠂ ᠨᠡᠶᠢᠭᠡᠮ ᠤᠨ ᠠᠵᠤ ᠠᠬᠤᠢ ᠶᠢᠨ ᠳᠠᠪᠬᠤᠷᠭ᠎ᠠ ᠎ ᠶᠢᠨ ᠪᠠᠶᠠᠨ ᠶᠠᠳᠠᠭᠤ ᠶᠢ ︽ᠲᠠᠪᠤᠨ ᠬᠤᠰᠢᠭᠤ ᠮᠠᠯ︾᠎ ᠤᠨ ᠲᠤᠭ᠎ᠠ ᠲᠣᠯᠣᠭᠠᠢ ᠶᠢᠨ ᠠᠷᠪᠢᠨ ᠴᠥᠭᠡᠨ ᠢᠶᠠᠷ ᠪᠠᠷᠢᠮᠵᠢᠶ᠎ᠠ ᠪᠣᠯᠭᠠᠳᠠᠭ᠃ ᠡᠨᠡ ᠨᠢ ᠦᠵᠦᠮᠦᠴᠢᠨ ᠤ ᠲᠡᠦᠬᠡᠨ ᠳᠤ ᠪᠦᠬᠦᠶᠢᠯᠡ ᠨᠡᠶᠢᠭᠡᠮ ᠤᠨ ᠡᠳ᠋ ᠤᠨ ᠵᠠᠰᠠᠭ ᠤᠨ ᠪᠠ ᠠᠵᠤ ᠠᠬᠤᠢ ᠶᠢᠨ ᠭᠤᠣᠯ ᠪᠦᠲᠦᠴᠡ ᠪᠣᠯ ︽ᠲᠠᠪᠤᠨ ᠬᠤᠰᠢᠭᠤ ᠮᠠᠯ︾ ᠪᠣᠯᠬᠤ ᠶᠢ ᠭᠡᠷᠡᠴᠢᠯᠡᠳᠡᠭ᠃      ᠶᠠᠭ ᠶᠠᠳᠠᠭᠤ ᠬᠦᠴᠢᠷᠳᠡᠯ ᠲᠠᠢ ᠠᠶᠢᠯ ᠡᠷᠦᠬᠡ ᠴᠦ ᠬᠥᠳᠡᠯᠮᠦᠷᠢ ᠬᠦᠴᠦ ᠪᠠᠷ ᠢᠶᠠᠨ ᠪᠤᠰᠤᠳ ᠤᠨ ᠮᠠᠯ ᠰᠦᠷᠦᠭ ᠢ ᠬᠠᠷᠢᠭᠤᠯᠬᠤ᠂ ᠡᠰᠡᠬᠦᠯ᠎ᠡ ᠪᠤᠰᠤᠳ ᠤᠨ ᠮᠠᠯ ᠰᠦᠷᠦᠭ ᠠᠴᠠ ᠰᠦᠷᠦᠭ ᠠᠪᠴᠤ ᠮᠠᠯᠵᠢᠵᠤ᠂ ᠠᠮᠢᠳᠤᠷᠠᠯ ᠎ ᠤᠨ ᠢᠷᠡᠯᠲᠡ ᠪᠠᠨ ᠬᠠᠩᠭᠠᠵᠤ ᠪᠠᠶᠢᠳᠠᠭ᠃ ᠲᠡᠷᠡ ᠨᠢ ᠮᠥᠨᠴᠦ ᠮᠠᠯ ᠠᠵᠤ ᠠᠬᠤᠢ ᠲᠠᠪᠤᠨ ᠬᠤᠰᠢᠭᠤ ᠮᠠᠯ ᠤᠨ ᠲᠣᠭᠤᠷᠢᠨ ᠳᠤ ᠠᠵᠤ ᠲᠥᠷᠥᠳᠡᠭ ᠢ ᠬᠠᠷᠠᠭᠤᠯᠳᠠᠭ᠃      ᠳᠡᠭᠡᠷᠡᠬᠢ ᠪᠠᠶᠢᠳᠠᠯ ᠨᠢ᠂ ᠦᠵᠦᠮᠦᠴᠢᠨ ᠤ ᠲᠡᠦᠬᠡᠨ ᠳᠡᠭᠡᠨ ᠠᠷᠠᠳ ᠢᠷᠭᠡᠳ ᠤᠨ ᠠᠮᠢᠳᠤᠷᠠᠯ ᠤᠨ ᠪᠠᠶᠠᠨ ᠶᠠᠳᠠᠭᠤ ᠶᠢᠨ ᠢᠯᠭᠠᠭ᠎ᠠ ᠦᠭᠡᠢ ᠪᠦᠬᠦᠶᠢᠯᠡ ᠨᠡᠶᠢᠭᠡᠮ ᠤᠨ ᠠᠮᠢᠳᠤᠷᠠᠯ ᠦᠢᠯᠡᠳᠪᠦᠷᠢᠯᠡᠯ ᠤᠨ ᠠᠰᠠᠭᠤᠳᠠᠯ ᠢ ᠲᠠᠰᠤᠯᠵᠤ ᠪᠠᠶᠢᠭᠰᠠᠨ ᠰᠠᠭᠤᠷᠢ ᠠᠵᠤ ᠠᠬᠤᠢ ᠪᠣᠯ ︽ᠲᠠᠪᠤᠨ ᠬᠤᠰᠢᠭᠤ ᠮᠠᠯ︾ ᠪᠣᠯᠣᠨ᠎ᠠ  ᠭᠡᠳᠡᠭ ᠢ ᠦᠵᠡᠭᠦᠯᠵᠡᠢ     ᠡᠭᠦᠨ ᠢᠶᠠᠷ ᠪᠠᠷᠠᠬᠤ ᠦᠭᠡᠢ᠂ ᠦᠵᠦᠮᠦᠴᠢᠨ ᠳᠤ ᠤᠷᠲᠤ ᠬᠤᠭᠤᠴᠠᠭᠠᠨ ᠤ ᠲᠤᠷᠰᠢ ᠲᠥᠷᠥ ᠪᠠ ᠣᠷᠣᠨ ᠨᠤᠲᠤᠭ ᠤᠨ ᠡᠳ᠋ ᠤᠨ ᠵᠠᠰᠠᠭ ᠤᠨ ᠭᠠᠶᠢᠯᠢ ᠭᠤᠪᠴᠢᠭᠤᠷ᠂ ᠠᠯᠪᠠ ᠲᠠᠲᠠᠪᠤᠷᠢ ᠶᠢ ᠪᠦᠷ ︽ᠲᠠᠪᠤᠨ ᠬᠤᠰᠢᠭᠤ ᠮᠠᠯ︾ ᠪᠤᠶᠤ ︽ᠲᠠᠪᠤᠨ ᠬᠤᠰᠢᠭᠤ ᠮᠠᠯ︾᠎ ᠤᠨ ᠠᠰᠢᠭ ᠰᠢᠮ᠎ᠡ ᠶᠢᠨ ᠭᠠᠷᠤᠯᠲᠠ ᠪᠠᠷ ᠪᠠᠷᠢᠮᠵᠢᠶ᠎ᠠ ᠪᠣᠯᠭᠠᠨ ᠲᠠᠲᠠᠵᠤ ᠪᠠᠶᠢᠵᠤ ᠨᠡᠶᠢᠭᠡᠮ ᠤᠨ ᠪᠠᠶᠢᠭᠤᠯᠤᠯᠲᠠ ᠶᠢᠨ ᠦᠢᠯᠡᠰ ᠬᠢᠭᠡᠳ ᠲᠥᠷᠥ ᠶᠢᠨ ᠵᠣᠬᠢᠰ ᠲᠠᠢ ᠵᠣᠬᠢᠰ ᠦᠭᠡᠢ ᠠᠯᠪᠠ ᠲᠠᠲᠠᠪᠤᠷᠢ ᠶᠢ ᠲᠤᠰᠢᠶᠠᠵᠤ᠂ ᠡᠳ᠋ ᠤᠨ ᠵᠠᠰᠠᠭ ᠢ ᠬᠥᠷᠥᠩᠭᠡᠯᠡᠵᠦ ᠪᠠᠶᠢᠵᠠᠢ᠃      ᠡᠨᠡ ᠨᠢ ᠮᠥᠨᠴᠦ ᠦᠵᠦᠮᠦᠴᠢᠨ ᠤ ᠪᠦᠬᠦᠢ ᠮᠠᠯ ᠠᠵᠤ ᠠᠬᠤᠢ ᠶᠢᠨ ᠰᠦᠨᠡᠰᠦ ︽ᠲᠠᠪᠤᠨ ᠬᠤᠰᠢᠭᠤ ᠮᠠᠯ︾ ᠪᠣᠯ ᠡᠷᠲᠡᠨ ᠠᠴᠠ ᠦᠵᠦᠮᠦᠴᠢᠨ ᠤ ᠤᠯᠤᠰ ᠠᠷᠠᠳ ᠤᠨ ᠪᠠ ᠣᠷᠣᠨ ᠨᠤᠲᠤᠭ ᠤᠨ ᠡᠳ᠋ ᠤᠨ ᠵᠠᠰᠠᠭ ᠤᠨ ᠰᠠᠭᠤᠷᠢ ᠪᠠᠶᠢᠭᠰᠠᠨ ᠢ ᠭᠡᠷᠡᠴᠢᠯᠡᠵᠡᠢ᠃     ᠲᠠᠪᠤ᠂ ᠦᠵᠦᠮᠦᠴᠢᠨ ᠤ ᠮᠠᠯ ᠠᠵᠤ ᠠᠬᠤᠢ ᠶᠢᠨ ᠡᠵᠡᠩᠨᠡᠯᠲᠡ ᠶᠢᠨ ᠤᠯᠠᠮᠵᠢᠯᠠᠯᠲᠤ ᠠᠷᠭ᠎ᠠ ᠮᠠᠶ᠋ᠢᠭ ᠪᠣᠯ ᠠᠳᠡᠬᠢ ᠶᠢᠨ ᠲᠡᠦᠬᠡ ᠶᠢᠨ ᠴᠠᠭ ᠦᠶ᠎ᠡ ᠶᠢᠨ ᠡᠯ᠎ᠡ ᠲᠠᠯ᠎ᠠ ᠶᠢᠨ ᠨᠥᠬᠦᠴᠡᠯ ᠳᠤ ᠵᠣᠬᠢᠴᠠᠭᠰᠠᠨ ᠨᠡᠭᠦᠳᠡᠯ ᠤᠨ ᠮᠠᠯ ᠠᠵᠤ ᠠᠬᠤᠢ ᠶᠢᠨ ᠡᠵᠡᠩᠨᠡᠯᠲᠡ ᠶᠢᠨ ᠠᠷᠭ᠎ᠠ ᠮᠠᠶ᠋ᠢᠭ ᠪᠣᠯᠣᠨ᠎ᠠ᠃       ᠭᠡᠪᠡᠴᠦ᠂ ᠡᠨᠡᠬᠦ ᠨᠡᠭᠦᠳᠡᠯ ᠤᠨ ᠮᠠᠯ ᠠᠵᠤ ᠠᠬᠤᠢ ᠶᠢᠨ ᠡᠵᠡᠩᠨᠡᠯᠲᠡ ᠶᠢᠨ ᠠᠷᠭ᠎ᠠ ᠪᠠᠷᠢᠯ ᠨᠢ ᠡᠷᠲᠡᠨ ᠤ ᠨᠡᠭᠦᠳᠡᠯ ᠤᠨ ᠮᠠᠯ ᠠᠵᠤ ᠠᠬᠤᠢ ᠶᠢᠨ ᠠᠷᠭ᠎ᠠ ᠪᠠᠷᠢᠯ ᠤᠨ ᠰᠠᠭᠤᠷᠢ ᠳᠡᠭᠡᠷ᠎ᠡ ᠠᠴᠠ ᠲᠠᠰᠤᠷᠠᠯᠲᠠ ᠦᠭᠡᠢ ᠪᠠᠷ ᠤᠷᠤᠭᠰᠢ ᠲᠠᠪᠰᠢᠵᠤ ᠢᠷᠡᠭᠰᠡᠨ ᠨᠡᠭᠦᠳᠡᠯ ᠤᠨ ᠮᠠᠯ ᠠᠵᠤ ᠠᠬᠤᠢ ᠶᠢᠨ ᠠᠷᠭ᠎ᠠ ᠪᠠᠷᠢᠯ ᠶᠤᠮ᠃      ᠲᠡᠭᠦᠨ ᠢ ᠥᠪᠡᠷᠮᠢᠴᠡ ᠣᠨᠴᠠᠯᠢᠭ ᠨᠢ᠄ ᠨᠢᠭᠡ ᠳᠤ᠂ ᠦᠵᠦᠮᠦᠴᠢᠨ ᠮᠣᠩᠭᠤᠯᠴᠤᠳ ᠤᠨ ᠮᠠᠯ ᠠᠵᠤ ᠠᠬᠤᠢ ᠎ ᠶᠢᠨ ᠦᠢᠯᠡᠳᠪᠦᠷᠢ ᠶᠢᠨ ᠦᠨᠳᠦᠰᠦᠨ ᠰᠠᠭᠤᠷᠢ ᠨᠤᠲᠤᠭ ᠪᠡᠯᠴᠢᠭᠡᠷ ᠨᠢ᠂ ᠠᠯᠬᠤᠮ ᠠᠯᠬᠤᠮ ᠢᠶᠠᠷ ᠲᠣᠭᠲᠠᠨ ᠬᠡᠪᠴᠢᠶᠡᠵᠢᠭᠡᠳ ︽ᠲᠣᠭᠲᠠᠪᠤᠷᠢᠵᠢᠭᠰᠠᠨ︾ ᠬᠡᠯᠪᠡᠷᠢ ᠳᠤ ᠣᠷᠣᠭᠰᠠᠨ ᠪᠠᠶᠢᠳᠠᠭ᠃ ᠡᠨᠡ ᠨᠢ ᠲᠡᠦᠬᠡ ᠶᠢᠨ ᠬᠡᠮᠵᠢᠶ᠎ᠡ ᠬᠢᠵᠠᠭᠠᠷ ᠦᠭᠡᠢ᠂ ᠬᠠᠷᠠᠯᠲᠠ ᠲᠥᠰᠥᠪ ᠦᠭᠡᠢ ᠰᠠᠭᠤᠷᠢᠨ ᠪᠠᠶᠢᠭᠤᠯᠤᠯᠲᠠ ᠦᠭᠡᠢ᠂ ᠨᠡᠭᠦᠳᠡᠯ ᠤᠨ ᠮᠠᠯ ᠠᠵᠤ ᠠᠬᠤᠢ ᠶᠢᠨ ᠡᠵᠡᠩᠨᠡᠯᠲᠡ ᠶᠢᠨ ᠠᠷᠭ᠎ᠠ ᠬᠡᠯᠪᠡᠷᠢ ᠠᠴᠠ ᠰᠠᠯᠭᠠᠵᠤ ᠠᠶᠢᠮᠠᠭ ᠨᠤᠲᠤᠭ ᠤᠨ ᠲᠣᠭᠲᠠᠭᠰᠠᠨ ᠨᠤᠲᠤᠭ ᠎ ᠲᠠᠭᠠᠨ ᠠᠯᠬᠤᠮ ᠠᠯᠬᠤᠮ ᠢᠶᠠᠷ ᠲᠣᠭᠲᠠᠪᠤᠷᠢᠵᠢᠨ ᠨᠤᠲᠤᠭ ᠪᠡᠯᠴᠢᠭᠡᠷ ᠢ ᠤᠯᠠᠷᠢᠯ ᠳᠤ ᠵᠣᠬᠢᠴᠠᠭᠤᠯᠵᠤ᠂ ᠮᠠᠯ ᠠᠵᠤ ᠠᠬᠤᠢ ᠳᠤ ᠡᠵᠡᠩᠨᠡᠬᠦ  ᠪᠣᠯᠭᠠᠵᠠᠢ᠃ ᠲᠡᠳᠡ ᠡᠪᠦᠯ ᠡᠪᠦᠯᠵᠢᠶᠡᠨ ᠳᠡᠭᠡᠨ ᠨᠡᠭᠦᠵᠦ ᠣᠷᠣᠬᠤ᠂ ᠬᠠᠪᠤᠷ ᠬᠠᠪᠤᠷᠵᠢᠶᠠᠨ ᠎ ᠳᠠᠭᠠᠨ ᠨᠡᠭᠦᠵᠦ ᠭᠠᠷᠬᠤ ᠪᠠ ᠵᠤᠨ ᠵᠤᠰᠠᠯᠠᠩ ᠳᠠᠭᠠᠨ ᠨᠡᠭᠦᠵᠦ ᠪᠠᠭᠤᠬᠤ᠂ ᠨᠠᠮᠤᠷ ᠨᠠᠮᠤᠷᠵᠢᠶᠠᠨ ᠳᠠᠭᠠᠨ ᠨᠡᠭᠦᠵᠦ ᠬᠦᠷᠬᠦ ᠵᠡᠷᠭᠡ᠃ ᠲᠡᠷᠡ ᠨᠢ᠂ ᠲᠡᠷᠡ ᠦᠶ᠎ᠡ ᠶᠢᠨ ᠦᠵᠦᠮᠦᠴᠢᠨ ᠤ ᠨᠤᠲᠤᠭ ᠳᠡᠪᠢᠰᠬᠡᠷ ᠤᠨ ᠪᠡᠯᠴᠢᠭᠡᠷ ᠤᠰᠤ᠂ ᠨᠥᠮᠥᠷᠢ᠂ ᠨᠥᠭᠡᠯ ᠪᠡᠯᠡᠳᠬᠡᠯ ᠲᠥᠬᠦᠭᠡᠷᠡᠮᠵᠢ ᠠᠷᠠᠴᠢᠯᠠᠭ᠎ᠠ ᠮᠠᠯᠵᠢᠯᠭ᠎ᠠ ᠶᠢᠨ ᠬᠢᠷᠢ ᠬᠡᠮᠵᠢᠶᠡᠨ ᠤ ᠪᠣᠳᠠᠲᠤ ᠪᠠᠶᠢᠳᠠᠯ ᠎ ᠳᠤ ᠪᠦᠷᠢᠮᠦᠰᠦᠨ ᠵᠣᠬᠢᠴᠠᠵᠤ᠂ ᠲᠤᠬᠠᠢ ᠶᠢᠨ ᠦᠶ᠎ᠡ ᠶᠢᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠦᠨᠳᠦᠰᠦᠨ ᠠᠰᠢᠭ ᠲᠤᠰᠠ ᠲᠠᠢ ᠨᠡᠶᠢᠴᠡᠭᠰᠡᠨ ᠪᠥᠭᠡᠳ ᠪᠠᠰᠠᠴᠤ ᠬᠤᠵᠢᠮ ᠤᠨ ᠨᠤᠲᠤᠭ ᠪᠡᠯᠴᠢᠭᠡᠷ ᠢ ᠲᠥᠯᠥᠪᠯᠡᠭᠡ ᠎ ᠲᠠᠢ ᠠᠰᠢᠭᠯᠠᠬᠤ᠂ ᠠᠯᠬᠤᠮ ᠠᠯᠬᠤᠮ ᠢᠶᠠᠷ ᠥᠪᠡᠷ ᠤᠨ ᠨᠤᠲᠤᠭ ᠪᠡᠯᠴᠢᠭᠡᠷ ᠤᠨ ᠳᠣᠲᠣᠷ᠎ᠠ ᠴᠠᠭ ᠲᠠᠢ᠂ ᠬᠡᠮᠵᠢᠶ᠎ᠡ ᠎ ᠲᠠᠢ᠂ ᠠᠰᠢᠭ ᠲᠠᠢ ᠨᠡᠭᠦᠳᠡᠯᠯᠡᠨ ᠮᠠᠯᠵᠢᠬᠤ ᠲᠡᠰᠢ ᠬᠥᠭᠵᠢᠭᠰᠡᠨ ᠪᠠᠶᠢᠵᠠᠢ᠃ ᠬᠤᠶᠠᠷ ᠲᠤ᠂ ᠦᠵᠦᠮᠦᠴᠢᠨ ᠤ ᠬᠥᠮᠥᠨ ᠠᠷᠠᠳ ᠤᠨ ᠣᠷᠣᠨ ᠰᠠᠭᠤᠴᠠ ᠨᠢ ᠠᠯᠬᠤᠮ ᠠᠯᠬᠤᠮ ᠢᠶᠠᠷ ᠲᠡᠳᠡᠨ ᠤ ᠣᠲᠣᠷᠯᠠᠨ ᠮᠠᠯᠵᠢᠵᠤ᠂ ᠰᠠᠭᠤᠷᠢᠰᠢᠨ ᠰᠠᠭᠤᠵᠤ᠂ ᠮᠠᠯ ᠠᠵᠤ ᠠᠬᠤᠢ ᠡᠵᠡᠩᠨᠡᠬᠦ ᠳᠤ ᠲᠣᠬᠢᠷᠠᠭᠰᠠᠨ ᠤᠯᠠᠮᠵᠢᠯᠠᠯᠲᠤ ᠪᠥᠭᠡᠳ ᠲᠠᠪᠰᠢᠭᠰᠠᠨ ᠣᠷᠣᠨ ᠰᠠᠭᠤᠴᠠ ᠪᠠᠶᠢᠳᠠᠭ᠃ ︽ᠦᠵᠦᠮᠦᠴᠢᠨ ᠮᠣᠩᠭᠤᠯ ᠭᠡᠷ︾᠎ ᠢᠶᠠᠷ ᠰᠠᠭᠤᠷᠢᠯᠠᠭᠰᠠᠨ ᠦᠵᠦᠮᠦᠴᠢᠨ ᠤ ᠣᠷᠣᠨ ᠰᠠᠭᠤᠴᠠ ᠪᠣᠯ ᠲᠡᠳᠡᠨ ᠤ ᠥᠪᠡᠷᠮᠢᠴᠡ ᠮᠠᠯ ᠠᠵᠤ ᠠᠬᠤᠢ ᠶᠢᠨ ᠡᠵᠡᠩᠨᠡᠯᠲᠡ ᠶᠢᠨ ᠣᠨᠴᠠᠯᠢᠭ ᠠᠴᠠ ᠡᠭᠦᠰᠦᠭᠰᠡᠨ ᠮᠠᠯ ᠠᠵᠤ ᠠᠬᠤᠢ ᠶᠢᠨ ᠦᠢᠯᠡᠳᠪᠦᠷᠢᠯᠡᠯ ᠳᠤ ᠬᠠᠮᠤᠭ ᠤᠨ ᠲᠣᠬᠢᠷᠠᠮᠵᠢ ᠲᠠᠢ ᠣᠷᠣᠨ ᠰᠠᠭᠤᠴᠠ ᠪᠣᠯᠣᠨ᠎ᠠ᠃ ︽ᠦᠵᠦᠮᠦᠴᠢᠨ ᠮᠣᠩᠭᠤᠯ ᠭᠡᠷ︾ ᠲᠡᠳᠡᠨ ᠤ ᠠᠶᠢᠯ ᠡᠷᠦᠬᠡ ᠪᠦᠷᠢ ᠳᠤ 1 ~ 2 ᠪᠠᠶᠢᠵᠤ᠂ ᠠᠮᠢᠳᠤᠷᠠᠯ ᠦᠢᠯᠡᠳᠪᠦᠷᠢᠯᠡᠯ ᠠᠶᠢᠯ ᠡᠷᠦᠬᠡ ᠶᠢᠨ ᠬᠡᠷᠡᠭᠴᠡᠭᠡᠨ ᠤ ᠠᠳᠠᠯᠢ ᠦᠭᠡᠢ ᠠᠴᠠ ᠪᠣᠯᠵᠤ ᠭᠡᠷ ᠤᠨ ᠰᠠᠭᠤᠴᠠ ᠶᠢ 4 ~10 ᠬᠠᠨ᠎ᠠ ᠶᠢᠨ ᠬᠤᠭᠤᠷᠣᠨᠳᠤ ᠲᠣᠬᠢᠷᠠᠭᠤᠯᠵᠠᠢ᠃ ᠮᠣᠩᠭᠤᠯ ᠭᠡᠷ᠂ ᠰᠠᠭᠤᠪᠠᠯ ᠪᠠᠷᠢᠵᠤ᠂ ᠨᠡᠭᠦᠪᠡᠯ ᠠᠴᠢᠵᠤ ᠲᠡᠭᠡᠭᠡᠵᠦ ᠪᠣᠯᠳᠠᠭ ᠠᠴᠠ ᠣᠲᠣᠷ ᠨᠡᠭᠦᠳᠡᠯ᠂ ᠰᠠᠭᠤᠷᠢᠰᠢᠨ ᠰᠠᠭᠤᠬᠤ ᠳᠤ ᠠᠯᠢᠨ ᠳᠤᠨᠢ ᠴᠦ ᠪᠦᠷ ᠲᠣᠬᠢᠷᠠᠳᠠᠭ ᠲᠣᠭᠲᠠᠴᠠ ᠲᠠᠢ ᠶᠤᠮ᠃ ︽ᠦᠵᠦᠮᠦᠴᠢᠨ ᠮᠣᠩᠭᠤᠯ ᠭᠡᠷ︾ ᠪᠣᠯ ᠨᠡᠶᠢᠲᠡ ᠮᠣᠩᠭᠤᠯ ᠤᠨ ᠮᠣᠩᠭᠤᠯ ᠭᠡᠷ ᠤᠨ ᠤᠭ ᠴᠢᠨᠠᠷ ᠢ ᠬᠠᠳᠠᠭᠠᠯᠠᠭᠰᠠᠨ ᠪᠥᠭᠡᠳ ᠨᠡᠩ ᠴᠦ ᠭᠠᠵᠠᠷ ᠣᠷᠣᠨ ᠤ ᠪᠠᠨ ᠨᠡᠭᠦᠳᠡᠯ ᠤᠨ ᠮᠠᠯ ᠠᠵᠤ ᠠᠬᠤᠢ ᠶᠢᠨ ᠣᠨᠴᠠᠯᠢᠭ ᠲᠤ ᠲᠣᠬᠢᠷᠠᠭᠰᠠᠨ ᠳᠠᠪᠰᠢᠩᠭᠤᠢ ᠢᠵᠢ ᠪᠦᠷᠢᠳᠦᠭᠰᠡᠨ ᠰᠢᠨᠵᠢᠯᠡᠬᠦ ᠤᠬᠠᠭᠠᠨᠴᠢ ᠪᠦᠲᠦᠴᠡ ᠲᠠᠢ ᠮᠣᠩᠭᠤᠯ ᠭᠡᠷ ᠪᠣᠯᠣᠨ᠎ᠠ᠃ ᠭᠤᠷᠪᠠ ᠳᠤ᠂ ᠦᠵᠦᠮᠦᠴᠢᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠪᠠᠭᠠᠵᠢ ᠪᠣᠯ ᠲᠡᠳᠡᠨ ᠤ ᠣᠲᠣᠷ ᠨᠡᠭᠦᠳᠡᠯ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠡᠵᠡᠩᠨᠡᠯᠲᠡ ᠳᠤ ᠲᠣᠬᠢᠷᠠᠭᠰᠠᠨ ᠪᠠᠭᠠᠵᠢ ᠪᠣᠯᠣᠨ᠎ᠠ᠃ ᠲᠡᠷᠡ ᠨᠢ ᠦᠵᠦᠮᠦᠴᠢᠨ ᠤ ᠣᠷᠣᠨ ᠨᠤᠲᠤᠭ ᠤᠨ ᠭᠠᠵᠠᠷ ᠵᠦᠢ᠂ ᠴᠠᠭ ᠠᠭᠤᠷ᠂ ᠴᠠᠰᠤ ᠵᠤᠳ ᠵᠡᠷᠭᠡ ᠪᠠᠶᠢᠭᠠᠯᠢ ᠶᠢᠨ ᠣᠨᠴᠠᠯᠢᠭ᠂ ᠣᠲᠣᠷ ᠨᠡᠭᠦᠳᠡᠯ ᠤᠨ ᠮᠠᠯ ᠠᠵᠤ ᠠᠬᠤᠢ ᠶᠢᠨ ᠣᠨᠴᠠᠯᠢᠭ ᠲᠠᠭᠠᠨ ᠲᠣᠬᠢᠷᠠᠭᠰᠠᠨ ︽ᠦᠵᠦᠮᠦᠴᠢᠨ ᠦᠬᠡᠷ ᠲᠡᠷᠭᠡ︾ ᠪᠣᠯᠣᠨ᠎ᠠ᠃ ᠲᠡᠦᠬᠡᠨ ᠨᠥᠬᠦᠴᠡᠯ ᠤᠨ ᠳᠣᠣᠷ᠎ᠠ ︽ᠦᠵᠦᠮᠦᠴᠢᠨ ᠦᠬᠡᠷ ᠲᠡᠷᠭᠡ︾ ᠦᠵᠦᠮᠦᠴᠢᠨ ᠤ ᠵᠠᠮ ᠬᠠᠷᠢᠯᠴᠠᠭ᠎ᠠ ᠣᠲᠣᠷ ᠨᠡᠭᠦᠳᠡᠯ ᠤᠨ ᠲᠡᠭᠡᠭᠡᠪᠦᠷᠢ ᠶᠢᠨ ᠭᠤᠣᠯ ᠪᠠᠭᠠᠵᠢ ᠪᠣᠯᠵᠤ ᠢᠷᠠᠵᠠᠢ᠃ ᠦᠵᠦᠮᠦᠴᠢᠨ ᠤ ᠠᠶᠢᠯ ᠡᠷᠦᠬᠡ ᠨᠢᠭᠡᠪᠦᠷᠢ ᠶᠢᠨ ᠠᠮᠢᠳᠤᠷᠠᠯ ᠳᠤ ᠲᠡᠭᠰᠢᠳᠬᠡᠭᠡᠳ 8 ᠦᠬᠡᠷ ᠲᠡᠷᠭᠡ ᠬᠡᠷᠡᠭᠯᠡᠨ᠎ᠡ᠃ ᠲᠡᠭᠦᠨ ᠳᠤ  ᠬᠠᠮ ᠲᠡᠷᠭᠡ᠂ ᠭᠠᠳᠠᠭ᠎ᠠ ᠠᠪᠳᠠᠷ᠎ᠠ ᠲᠡᠷᠭᠡ᠂ ᠲᠣᠭᠤᠨᠣ ᠶᠢᠨ ᠲᠡᠷᠭᠡ᠂ ᠬᠠᠨ᠎ᠠ ᠶᠢᠨ ᠲᠡᠷᠭᠡ᠂ ᠳᠣᠲᠣᠷ᠎ᠠ ᠠᠪᠳᠠᠷ᠎ᠠ ᠶᠢᠨ ᠲᠡᠷᠭᠡ᠂ ᠪᠠᠷᠠᠭᠠᠨ ᠲᠡᠷᠭᠡ᠂ ᠬᠤᠩᠰᠤ ᠲᠡᠷᠭᠡ᠂ ᠤᠰᠤᠨ ᠲᠡᠷᠭᠡ ᠁ ᠭᠡᠬᠦ ᠮᠡᠲᠦ᠃      ᠦᠵᠦᠮᠦᠴᠢᠨ ᠤ ᠦᠬᠡᠷ ᠲᠡᠷᠭᠡ ᠶᠢᠨ ︽ᠲᠡᠷᠭᠡ︾᠎ ᠶᠢ ᠲᠡᠭᠦᠨ ᠤ ᠪᠦᠷᠢᠯᠳᠦᠬᠦᠨ ᠤ ᠠᠳᠠᠯᠢ ᠦᠭᠡᠢ᠂ ᠴᠢᠳᠠᠯ ᠬᠦᠴᠦ ᠶᠢᠨ ᠠᠳᠠᠯᠢ ᠦᠭᠡᠢ ᠠᠴᠠ ᠪᠣᠯᠵᠤ ᠠᠳᠠᠯᠢ ᠦᠭᠡᠢ ᠮᠣᠳᠣ ᠪᠠᠷ ᠬᠢᠨ᠎ᠡ᠃ ᠬᠢᠬᠦ ᠳᠡᠭᠡᠨ ᠡᠪᠦᠯ ᠤᠨ ᠴᠠᠰᠤ ᠵᠤᠳ ᠲᠤ ᠰᠢᠭᠢᠳᠬᠦ ᠦᠭᠡᠢ᠂ ᠵᠤᠨ ᠤ ᠰᠢᠪᠠᠷ ᠤᠰᠤᠨ ᠳᠤ ᠰᠠᠭᠤᠬᠤ ᠦᠭᠡᠢ ᠪᠠᠶᠢᠬᠤ ᠶᠢ ᠪᠣᠳᠣᠯᠬᠢᠯᠠᠵᠤ᠂ ᠴᠣᠯ ᠮᠣᠳᠣ ᠪᠠᠷ ᠮᠠᠲ᠋ᠧᠷᠢᠶᠠᠯ ᠪᠣᠯᠭᠠᠵᠤ᠂ ᠬᠥᠩᠭᠡᠨ ᠮᠠᠶ᠋ᠢᠭ ᠤᠨ ᠮᠥᠷᠲᠡᠭᠡᠨ ᠪᠥᠬᠡ ᠴᠢᠳᠠᠯ ᠢ ᠤᠶᠠᠯᠳᠤᠭᠤᠯᠵᠤ ᠬᠢᠳᠡᠭ᠃ ᠵᠠᠮ ᠮᠥᠷ ᠤᠨ ᠴᠢᠬᠤᠯ ᠪᠠᠷᠲᠠᠭ᠎ᠠ ᠳᠤ ᠬᠡᠷᠡᠭᠯᠡᠬᠦ ᠴᠢᠬᠤᠯᠠᠴᠢᠯᠠᠭ᠎ᠠ ᠠᠴᠠ ᠪᠣᠯᠵᠤ ᠳᠠᠩ ᠦᠬᠡᠷ ᠤᠨ ᠴᠢᠳᠠᠯ ᠳᠤ ᠲᠣᠬᠢᠷᠠᠭᠰᠠᠨ ᠳᠠᠭᠠᠭᠠᠴᠠ ᠲᠠᠢ᠂ ᠲᠡᠷᠭᠡ ᠨᠢ ᠭᠤᠷᠪᠠᠨ ᠵᠠᠮ ᠤᠨ ᠬᠡᠮᠵᠢᠶ᠎ᠡ ᠲᠠᠢ ᠥᠷᠭᠡᠨ ᠪᠠᠶᠢᠳᠠᠭ᠃ ᠦᠵᠦᠮᠦᠴᠢᠨ ︽ᠲᠡᠷᠭᠡ︾ ᠥᠪᠡᠷ ᠢᠶᠠᠨ ᠦᠢᠯᠡᠳᠪᠦᠷᠢᠯᠡᠬᠦ ᠳᠤ ᠠᠮᠠᠷᠬᠠᠨ᠂ ᠡᠪᠳᠡᠷᠡᠪᠡᠯ ᠰᠡᠯᠪᠢᠵᠦ ᠵᠠᠰᠠᠬᠤ ᠳᠤ ᠳᠥᠭᠦᠮ ᠳᠡᠭᠡᠷ᠎ᠡ ᠪᠠᠨ ᠲᠡᠭᠡᠭᠡᠬᠦ ᠪᠠᠭᠤᠯᠭᠠᠬᠤ ᠬᠥᠲᠥᠯᠵᠦ ᠴᠥᠷᠬᠡᠯᠡᠬᠦ ᠳᠤ ᠬᠢᠯᠪᠠᠷ ᠵᠡᠷᠭᠡ ᠲᠤᠰᠬᠠᠢ ᠣᠨᠴᠠᠯᠢᠭ ᠲᠠᠢ ᠪᠣᠯᠣᠨ᠎ᠠ᠃ ︽ᠦᠵᠦᠮᠦᠴᠢᠨ ᠮᠣᠳᠣᠨ ᠲᠡᠷᠭᠡ︾᠎ ᠳᠤ ᠡᠷ᠎ᠡ ᠦᠬᠡᠷ ᠬᠥᠯᠥᠨ᠎ᠡ᠃ ᠬᠥᠯᠪᠦᠷᠢ ᠶᠢᠨ ᠡᠷ᠎ᠡ ᠦᠬᠡᠷ ᠢ ᠬᠢᠵᠢᠶᠠᠯᠠᠩ ᠭᠤᠨ᠎ᠠ ᠳᠡᠭᠡᠷ᠎ᠡ ᠨᠢ ᠬᠥᠯᠵᠦ ᠰᠤᠷᠭᠠᠳᠠᠭ᠃ ᠬᠥᠯᠪᠦᠷᠢ ᠶᠢᠨ ᠡᠷ᠎ᠡ ᠦᠬᠡᠷ ᠨᠠᠰᠤ ᠨᠢ ᠶᠠᠪᠤᠬᠤ ᠲᠤᠲᠤᠮ ᠬᠥᠯᠬᠦ ᠳᠤ ᠤᠯᠠᠮ ᠰᠠᠶᠢᠨ ᠴᠠᠭᠠᠷᠠᠵᠤ᠂ ᠶᠣᠰᠣᠲᠠᠢ ᠠᠷᠠᠯ ᠤᠨ ᠱᠠᠷ ᠪᠣᠯᠳᠠᠭ᠃ ᠡᠶᠢᠮᠦ ᠠᠴᠠ ᠡᠷ᠎ᠡ ᠦᠬᠡᠷ ᠨᠢ ᠦᠵᠦᠮᠦᠴᠢᠨ ᠤ ᠨᠡᠭᠦᠳᠡᠯ ᠤᠨ ᠮᠠᠯ ᠠᠵᠤ ᠠᠬᠤᠢ ᠶᠢᠨ ᠵᠠᠮ ᠬᠠᠷᠢᠯᠴᠠᠭ᠎ᠠ ᠣᠲᠣᠷ ᠨᠡᠭᠦᠳᠡᠯ ᠤᠨ ᠬᠠᠮᠤᠭ ᠤᠨ ᠰᠠᠶᠢᠨ ᠬᠥᠯᠪᠦᠷᠢ ᠮᠥᠨ᠃ ᠳᠥᠷᠪᠡ ᠳᠤ᠂ ᠦᠵᠦᠮᠦᠴᠢᠨ ᠤ ᠤᠨᠤᠭ᠎ᠠ ᠬᠥᠯᠥᠭ ᠪᠣᠯ ᠲᠡᠳᠡᠨ ᠤ ᠣᠲᠣᠷ ᠨᠡᠭᠦᠳᠡᠯ ᠪᠡᠯᠴᠢᠭᠡᠷ ᠤᠨ ᠮᠠᠯ ᠠᠵᠤ ᠠᠬᠤᠢ ᠶᠢᠨ ᠡᠵᠡᠩᠨᠡᠯᠲᠡ ᠳᠡᠭᠡᠨ ᠲᠣᠬᠢᠷᠠᠭᠰᠠᠨ ᠤᠨᠤᠭ᠎ᠠ ᠤᠨᠤᠰᠢ ᠪᠠᠶᠢᠳᠠᠭ᠃ ᠮᠣᠷᠢ ᠪᠣᠯ ᠲᠡᠳᠡᠨ ᠤ ᠦᠢᠯᠡᠳᠪᠦᠷᠢᠯᠡᠯ ᠠᠮᠢᠳᠤᠷᠠᠯ ᠤᠨ ᠦᠢᠯᠡᠰ ᠤᠨ ᠰᠢᠭᠤᠳ ᠤᠨᠤᠯᠭ᠎ᠠ ᠮᠥᠨ᠃ ᠲᠡᠷᠡ ᠨᠢ ᠦᠵᠦᠮᠦᠴᠢᠨ ᠤ ᠶᠡᠭᠡ ᠪᠠᠷ ᠰᠦᠷᠦᠭᠯᠡᠨ ᠪᠡᠯᠴᠢᠭᠡᠷ ᠢᠶᠠᠷ ᠮᠠᠯᠵᠢᠳᠠᠭ ᠮᠠᠯ ᠠᠵᠤ ᠠᠬᠤᠢ ᠶᠢᠨ ᠡᠵᠡᠩᠨᠡᠯᠲᠡ ᠶᠢᠨ ᠠᠷᠭ᠎ᠠ ᠮᠠᠶ᠋ᠢᠭ ᠲᠤ ᠣᠨᠴᠤᠭᠤᠢ ᠲᠣᠬᠢᠷᠠᠳᠠᠭ᠃ ᠪᠣᠭ ᠮᠠᠯ ᠢ 1000 ᠲᠣᠯᠣᠭᠠᠢ ᠪᠠᠷ ᠰᠦᠷᠦᠭᠯᠡᠳᠡᠭ᠂ ᠦᠬᠡᠷ ᠢ 100 ᠲᠣᠯᠣᠭᠠᠢ ᠪᠠᠷ ᠰᠦᠷᠦᠭᠯᠡᠳᠡᠭ᠂ ᠠᠳᠤᠭᠤ ᠶᠢ 300 ᠲᠣᠯᠣᠭᠠᠢ ᠪᠠᠷ ᠰᠦᠷᠦᠭᠯᠡᠳᠡᠭ ᠪᠠᠶᠢᠨ᠎ᠠ᠃ ᠬᠤᠨᠢ ᠦᠬᠡᠷ ᠢ 20 ~25 ᠭᠠᠵᠠᠷ ᠠᠯᠤᠰ᠂ ᠠᠳᠤᠭᠤ ᠶᠢ 50 ~60 ᠭᠠᠵᠠᠷ ᠤᠨ ᠠᠯᠤᠰ ᠵᠠᠢ ᠲᠠᠢ ᠭᠠᠵᠠᠷ ᠲᠤ ᠡᠳᠦᠷ ᠪᠦᠷᠢ ᠪᠡᠯᠴᠢᠭᠡᠷᠯᠡᠭᠦᠯᠦᠨ ᠮᠠᠯᠵᠢᠬᠤ᠂ ᠶᠠᠮᠠᠷ ᠴᠦ ᠠᠭᠤᠯᠠ ᠬᠢᠩᠭ᠎ᠠ ᠭᠤᠤ ᠵᠢᠯᠭ᠎ᠠ᠂ ᠶᠠᠮᠠᠷ ᠴᠦ ᠨᠠᠮᠤᠭ  ᠲᠠᠩ ᠤᠰᠤ ᠰᠢᠪᠠᠷ ᠲᠤ ᠴᠦ ᠭᠡᠳ ᠮᠣᠷᠢ ᠪᠦᠷ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠤᠨᠤᠯᠭ᠎ᠠ ᠶᠢᠨ ᠠᠰᠠᠭᠤᠳᠠᠯ ᠢ ᠰᠢᠢᠳᠪᠦᠷᠢᠯᠡᠵᠦ ᠴᠢᠳᠠᠳᠠᠭ᠃ ᠡᠶᠢᠮᠦ ᠠᠴᠠ ᠦᠵᠦᠮᠦᠴᠢᠨ ᠳᠤ ᠮᠠᠯ ᠰᠦᠷᠦᠭ ᠤᠨ ᠡᠵᠡᠩᠨᠡᠯᠲᠡ ᠶᠢᠨ ᠳᠤᠮᠳᠠ ᠮᠣᠷᠢ ᠶᠢ ᠥᠷᠭᠡᠨ ᠢᠶᠠᠷ ᠬᠡᠷᠡᠭᠯᠡᠵᠦ᠂ ᠣᠯᠠᠨ ᠢᠶᠠᠷ ᠤᠨᠤᠵᠤ ᠲᠤᠰᠬᠠᠢ ᠮᠠᠯ ᠰᠦᠷᠦᠭ ᠤᠨ ᠤᠨᠤᠯᠭ᠎ᠠ ᠪᠣᠯᠭᠠᠭᠰᠠᠨ ᠪᠠᠶᠢᠳᠠᠭ᠃ ᠲᠡᠳᠡ᠂ ᠮᠣᠷᠢ ᠶᠢ ᠮᠠᠯ ᠰᠦᠷᠦᠭ ᠲᠤ ᠤᠨᠤᠭᠰᠠᠨ ᠠᠴᠠ ᠲᠡᠨᠳᠡᠬᠢ ᠶᠢᠨ ᠬᠥᠮᠥᠰ ᠬᠤᠷᠮᠣᠢ ᠴᠢᠷᠦᠨ ᠮᠠᠯ ᠳᠤ ᠶᠠᠪᠠᠭᠠᠨ ᠶᠠᠪᠤᠳᠠᠭ ᠬᠥᠮᠥᠨ ᠨᠢᠭᠡ ᠴᠦ ᠪᠠᠶᠢᠳᠠᠭ ᠦᠭᠡᠢ᠃ ᠮᠠᠯ ᠰᠦᠷᠦᠭ ᠤᠨ ᠮᠠᠯᠵᠢᠯᠭ᠎ᠠ ᠳᠤ ᠮᠣᠷᠢ ᠶᠢ ᠲᠤᠰᠬᠠᠢ ᠬᠡᠷᠡᠭᠯᠡᠭᠰᠡᠨ ᠶᠠᠪᠤᠳᠠᠯ ᠪᠣᠯ ᠮᠠᠯ ᠰᠦᠷᠦᠭ ᠤᠨ ᠦᠢᠯᠡᠳᠪᠦᠷᠢᠯᠡᠬᠦ ᠬᠦᠴᠦᠨ ᠤ ᠬᠥᠭᠵᠢᠯᠲᠡ ᠶᠢ ᠲᠤᠶᠢᠯ ᠤᠨ ᠶᠡᠭᠡ ᠪᠠᠷ ᠠᠬᠢᠭᠤᠯᠵᠤ᠂ ᠮᠠᠯ ᠤᠨ ᠠᠷᠠᠴᠢᠯᠠᠭ᠎ᠠ ᠮᠠᠯᠵᠢᠯᠭ᠎ᠠ ᠳᠤ ︽ᠠᠮᠢᠳᠤ ᠮᠠᠰᠢᠨ︾ ᠬᠡᠷᠡᠭᠯᠡᠭᠰᠡᠨ ᠶᠠᠪᠤᠳᠠᠯ ᠮᠥᠨ᠃ ᠲᠠᠪᠤ ᠳᠤ᠂ ᠦᠵᠦᠮᠦᠴᠢᠨ ᠤ ᠮᠠᠯ ᠰᠦᠷᠦᠭ ᠤᠨ   ᠰᠦᠷᠦᠭ ᠤᠨ ᠨᠣᠷᠮ᠎ᠠ ᠨᠢ ᠣᠲᠣᠷ ᠨᠡᠭᠦᠳᠡᠯ ᠎ ᠤᠨ ᠶᠡᠭᠡ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠡᠵᠡᠩᠨᠡᠯᠲᠡ ᠳᠤ ᠪᠠᠰᠠ ᠲᠣᠩ ᠲᠣᠬᠢᠷᠠᠮᠵᠢᠲᠠᠢ ᠪᠠᠶᠢᠵᠠᠢ᠃ ᠨᠡᠭᠦᠳᠡᠯ ᠤᠨ ᠥᠷᠲᠡᠭ ᠪᠠ ᠮᠠᠯ ᠠᠵᠤ ᠠᠬᠤᠢ ᠶᠢᠨ ᠥᠷᠲᠡᠭ ᠤᠨ ᠬᠠᠷᠢᠴᠠᠭᠠᠨ ᠳᠤ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠥᠷᠲᠡᠭ ᠨᠢ ᠡᠷᠬᠡᠪᠰᠢ ᠨᠡᠭᠦᠳᠡᠯ ᠤᠨ ᠥᠷᠲᠡᠭ ᠠᠴᠠ ᠶᠡᠬᠡᠪᠡᠷ ᠳᠠᠪᠠᠭ᠋ᠤ ᠬᠡᠷᠡᠭᠲᠡᠢ᠃ ᠡᠨᠡ ᠨᠢ ᠨᠡᠭᠦᠳᠡᠯ ᠤᠨ ᠥᠷᠲᠡᠭ ᠤᠨ ᠵᠠᠷᠤᠴᠠᠭᠤᠯᠭ᠎ᠠ ᠠᠴᠠ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠥᠷᠲᠡᠭ ᠤᠨ ᠣᠷᠣᠯᠭ᠎ᠠ ᠶᠢ ᠡᠷᠬᠡᠪᠰᠢ ᠶᠡᠭᠡ ᠬᠡᠮᠵᠢᠶ᠎ᠡ ᠪᠠᠷ ᠳᠠᠪᠠᠭᠤᠯᠬᠤ ᠳᠤ᠂ ᠵᠠᠪᠠᠯ ᠮᠠᠯ ᠰᠦᠷᠦᠭ ᠢ ᠶᠡᠬᠡᠪᠡᠷ ᠰᠦᠷᠦᠭᠯᠡᠵᠦ ᠣᠯᠠᠨ ᠢᠶᠠᠷ ᠡᠵᠡᠩᠨᠡᠬᠦ  ᠦᠢᠯᠡᠳᠪᠦᠷᠢᠯᠡᠯ ᠤᠨ ᠠᠷᠭ᠎ᠠ ᠬᠡᠮᠵᠢᠶ᠎ᠡ ᠶᠢ ᠪᠠᠷᠢᠮᠲᠠᠯᠠᠬᠤ ᠬᠡᠷᠡᠭᠲᠡᠢ ᠪᠣᠯᠭᠠᠵᠠᠢ᠃ ᠲᠡᠶᠢᠮᠦ ᠪᠢᠰᠢ ᠪᠣᠯ ᠬᠡᠳᠦᠬᠡᠨ ᠲᠣᠯᠣᠭᠠᠢ ᠮᠠᠯ ᠤᠨ ᠲᠥᠯᠥᠭᠡ ᠨᠡᠭᠦᠳᠡᠯ ᠬᠢᠵᠦ ᠨᠡᠭᠦᠳᠡᠯᠯᠡᠨ ᠮᠠᠯᠵᠢᠬᠤ ᠨᠢ ᠶᠡᠷᠦ ᠦᠢᠯᠡᠳᠪᠦᠷᠢᠯᠡᠯ ᠤᠨ ᠦᠷ᠎ᠡ ᠠᠰᠢᠭ ᠦᠭᠡᠢ᠃ ᠡᠶᠢᠮᠦ ᠠᠴᠠ ᠦᠵᠦᠮᠦᠴᠢᠨ ᠳᠤ ᠨᠡᠭᠦᠳᠡᠯ ᠤᠨ ᠦᠨ᠎ᠡ ᠥᠷᠲᠡᠭ ᠎ ᠲᠤ ᠵᠣᠬᠢᠴᠠᠭᠤᠯᠵᠤ᠂ ᠮᠠᠯ ᠰᠦᠷᠦᠭ ᠮᠠᠯᠵᠢᠬᠤ ᠲᠣᠬᠢᠷᠠᠮᠵᠢᠲᠠᠢ ᠰᠦᠷᠦᠭ ᠤᠨ ᠨᠣᠷᠮ᠎ᠠ ᠶᠢ ᠲᠣᠭᠲᠠᠭᠠᠭᠰᠠᠨ ᠪᠠᠶᠢᠵᠠᠢ ᠃ ᠲᠡᠷᠡ ᠨᠢ ᠮᠠᠯ ᠰᠦᠷᠦᠭ ᠢ ᠨᠢᠭᠡ ᠬᠤᠲᠠ ᠠᠶᠢᠯ ᠢᠶᠠᠷ ᠨᠢᠭᠡᠴᠢᠯᠡᠵᠦ᠂ ᠨᠢᠭᠡ ᠬᠤᠲᠠᠨ ᠳᠤ ᠬᠤᠨᠢ ︵ᠪᠣᠭ︶᠎ ᠶᠢ 700 ~1000 ᠲᠣᠯᠣᠭᠠᠢ᠂ ᠦᠬᠡᠷ ᠢ 100 ~ 200 ᠲᠣᠯᠣᠭᠠᠢ᠂ ᠠᠳᠤᠭᠤ ᠶᠢ 200 ~300 ᠲᠣᠯᠣᠭᠠᠢ ︵ᠠᠳᠤᠭᠤ ᠶᠢ ᠠᠵᠢᠷᠭ᠎ᠠ ᠪᠠᠷ ᠪᠠᠰᠠ ᠮᠠᠯᠵᠢᠳᠠᠭ︶ ᠣᠷᠴᠢᠮ ᠢᠶᠠᠷ ᠲᠤᠰ ᠲᠤᠰ ᠰᠦᠷᠦᠭᠯᠡᠨ ᠮᠠᠯᠵᠢᠵᠤ ᠢᠷᠠᠵᠠᠢ᠃ ᠭᠡᠪᠡᠴᠦ ᠳᠠᠩ ᠭᠠᠭᠴᠠ ᠡᠷᠦᠬᠡ ᠠᠶᠢᠯ ᠢᠶᠠᠷ ᠢᠶᠠᠨ ᠬᠤᠳᠠᠯᠠᠬᠤ ᠡᠷᠦᠬᠡ ᠶᠢᠨ ᠮᠠᠯ ᠰᠦᠷᠦᠭ ᠤᠨ ᠲᠤᠭ᠎ᠠ ᠨᠢ ᠠᠳᠠᠯᠢ ᠦᠭᠡᠢ᠃ 200 ~ 300 ᠲᠣᠯᠣᠭᠠᠢ ᠬᠤᠨᠢ᠂ 20 ~ 30 ᠲᠣᠯᠣᠭᠠᠢ ᠦᠬᠡᠷ᠂ ᠨᠢᠭᠡ ᠠᠵᠢᠷᠭ᠎ᠠ ᠠᠳᠤᠭᠤ ︵10 ~ 20︶᠎ ᠪᠠᠷ ᠪᠦᠷᠢ ᠰᠦᠷᠦᠭᠯᠡᠵᠦ ᠮᠠᠯᠵᠢᠵᠤ ᠪᠠᠶᠢᠳᠠᠭ᠃ ᠣᠯᠠᠩᠬᠢ ᠠᠶᠢᠯ ᠡᠷᠦᠬᠡ ᠨᠢ 3 ~ 4 ᠡᠷᠦᠬᠡ ᠨᠢᠭᠡ ᠬᠤᠲᠠ ᠠᠶᠢᠯ ᠪᠣᠯᠵᠤ᠂ ᠤᠯᠠᠷᠢᠯ ᠵᠢᠯ ᠤᠨ ᠬᠤᠭᠤᠴᠠᠭ᠎ᠠ ᠪᠠᠷ ᠬᠤᠲᠠ ᠨᠡᠶᠢᠯᠡᠵᠦ᠂ ᠮᠠᠯ ᠰᠦᠷᠦᠭ ᠢᠶᠠᠨ ᠨᠡᠶᠢᠯᠡᠭᠦᠯᠦᠨ ᠰᠦᠷᠦᠭᠯᠡᠵᠦ ᠮᠠᠯᠵᠢᠳᠠᠭ᠃ ᠡᠨᠡ ᠨᠢ ᠪᠠᠰᠠᠴᠤ ᠦᠵᠦᠮᠦᠴᠢᠨ ᠤ ᠮᠠᠯ ᠠᠵᠤ  ᠠᠬᠤᠢ ᠶᠢᠨ ᠦᠢᠯᠡᠳᠪᠦᠷᠢᠯᠡᠯ ᠤᠨ ᠡᠵᠡᠩᠨᠡᠯᠲᠡ ᠶᠢᠨ ᠨᠢᠭᠡᠨ ᠴᠢᠬᠤᠯᠠ ᠬᠡᠯᠪᠡᠷᠢ ᠪᠠᠶᠢᠭᠰᠠᠨ ᠶᠤᠮ᠃ ᠵᠢᠷᠭᠤᠭ᠎ᠠ ᠳᠤ᠂ ᠦᠵᠦᠮᠦᠴᠢᠨ ᠳᠤ ᠮᠠᠯ ᠰᠦᠷᠦᠭ ᠢ ᠮᠠᠯᠵᠢᠬᠤ ᠠᠷᠭ᠎ᠠ ᠨᠢ ᠣᠲᠣᠷ ᠨᠡᠭᠦᠳᠡᠯ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠡᠵᠡᠩᠨᠡᠯᠲᠡ ᠶᠢᠨ ᠶᠡᠷᠦᠩᠬᠡᠢ ᠵᠢᠮ᠎ᠡ ᠶᠣᠰᠣ ᠶᠢᠨ ᠳᠣᠣᠷ᠎ᠠ᠂ ᠡᠯ᠎ᠡ ᠲᠠᠯ᠎ᠠ ᠪᠠᠷ ᠪᠤᠰᠤᠳᠴᠢ ᠪᠠᠶᠢᠳᠠᠯ ᠳᠤ ᠵᠣᠬᠢᠴᠠᠭᠰᠠᠨ ᠣᠯᠠᠨ ᠬᠡᠯᠪᠡᠷᠢ ᠲᠠᠢ ᠪᠠᠶᠢᠭᠰᠠᠨ ᠪᠠᠶᠢᠨ᠎ᠠ᠃ ᠲᠡᠳᠡ ᠲᠡᠦᠬᠡᠨ ᠨᠥᠬᠦᠴᠡᠯ ᠤᠨ ᠳᠣᠣᠷ᠎ᠠ᠂ ᠴᠠᠭ ᠤᠯᠠᠷᠢᠯ᠂ ᠨᠤᠲᠤᠭ ᠪᠡᠯᠴᠢᠭᠡᠷ᠂ ᠦᠢᠯᠡᠳᠪᠦᠷᠢᠯᠡᠯ ᠤᠨ ᠵᠠᠩᠭᠢᠯᠠᠭ᠎ᠠ᠂ ᠮᠠᠯ ᠰᠦᠷᠦᠭ ᠤᠨ ᠥᠪᠡᠷ ᠤᠨ ᠣᠨᠴᠠᠯᠢᠭ ᠵᠡᠷᠭᠡ ᠠᠴᠠ ᠡᠭᠦᠰᠴᠦ᠂ ᠮᠠᠯ ᠮᠠᠯᠵᠢᠬᠤ ᠠᠷᠭ᠎ᠠ ᠮᠠᠶ᠋ᠢᠭ ᠤᠨ ᠲᠠᠯ᠎ᠠ ᠪᠠᠷ ᠬᠡᠵᠢᠶᠡᠳᠡ ᠶᠡᠷᠦᠩᠬᠡᠢ ᠵᠢᠮ᠎ᠡ ᠶᠣᠰᠣ ᠪᠠ ᠣᠨᠴᠤᠭᠤᠢ ᠪᠠᠶᠢᠳᠠᠯ ᠢ ᠤᠶᠠᠯᠳᠤᠭᠤᠯᠵᠤ ᠠᠷᠠᠴᠢᠯᠠᠭ᠎ᠠ ᠮᠠᠯᠵᠢᠯᠭ᠎ᠠ ᠪᠠ ᠡᠵᠡᠩᠨᠡᠯᠲᠡ ᠪᠠᠨ ᠲᠣᠬᠢᠷᠠᠭᠤᠯᠳᠠᠭ᠃ ᠰᠠᠭᠤᠷᠢᠰᠢᠨ ᠰᠠᠭᠤᠬᠤ᠂ ᠣᠲᠣᠷᠯᠠᠨ ᠨᠡᠭᠦᠬᠦ᠂ ᠣᠯᠠᠩᠬᠢ ᠮᠠᠯ ᠰᠦᠷᠦᠭ ᠢ ᠪᠡᠯᠴᠢᠭᠡᠷ ᠲᠤ ᠮᠠᠯᠵᠢᠬᠤ᠂ ᠴᠥᠭᠡᠪᠦᠷᠢ ᠪᠠᠭᠤᠷᠠᠢ ᠮᠠᠯ ᠢ ᠪᠣᠷᠳᠣᠵᠤ ᠲᠡᠵᠢᠭᠡᠬᠦ᠂ ᠦᠬᠡᠷ ᠬᠤᠨᠢ ᠶᠢ ᠬᠤᠲᠠᠨ ᠳᠤ ᠬᠤᠲᠠᠯᠠᠵᠤ ᠮᠠᠯᠵᠢᠬᠤ᠂ ᠠᠳᠤᠭᠤ ᠲᠡᠮᠡᠭᠡ ᠶᠢ ᠬᠡᠭᠡᠷ᠎ᠡ ᠵᠠᠯᠠᠵᠤ ᠮᠠᠯᠵᠢᠬᠤ᠂ ᠰᠠᠭᠠᠬᠤ ᠰᠤᠪᠠᠢ ᠮᠠᠯ ᠢ ᠰᠠᠯᠭᠠᠵᠤ ᠨᠢᠯᠬ᠎ᠠ᠂ ᠬᠥᠷᠥᠪᠡ᠂ ᠰᠠᠭᠠᠬᠤ ᠶᠢ ᠴᠦ ᠠᠰ ᠲᠤᠨᠢ ᠵᠢᠵᠢᠭ ᠰᠦᠷᠦᠭᠯᠡᠵᠦ ᠮᠠᠯᠵᠢᠬᠤ᠂ ᠭᠡᠷ ᠢᠶᠠᠷ ᠨᠡᠭᠦᠬᠦ᠂ ᠰᠤᠪᠳᠠᠭ ᠢᠶᠠᠷ ᠣᠲᠣᠷᠯᠠᠬᠤ ᠲᠤᠬᠠᠢ ᠶᠢᠨ ᠪᠠᠶᠢᠳᠠᠯ ᠳᠤᠨᠢ ᠲᠣᠬᠢᠷᠠᠭᠰᠠᠨ ᠣᠯᠠᠨ ᠵᠦᠢᠯ ᠤᠨ ᠠᠷᠭ᠎ᠠ ᠬᠡᠮᠵᠢᠶ᠎ᠡ ᠶᠢ ᠠᠪᠬᠤ ᠵᠡᠷᠭᠡ ᠮᠡᠷᠭᠡᠵᠢᠯ ᠤᠨ ᠴᠢᠨᠠᠷ ᠲᠠᠢ ᠮᠠᠯᠵᠢᠬᠤ ᠲᠣᠭᠲᠠᠴᠠ ᠶᠢ ᠪᠠᠶᠢᠭᠤᠯᠵᠠᠢ᠃      ᠡᠭᠦᠨ ᠠᠴᠠ ᠭᠠᠳᠠᠨ᠎ᠠ᠂ ᠦᠵᠦᠮᠦᠴᠢᠨ ᠤ ᠨᠡᠭᠦᠳᠡᠯ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠤᠨ ᠠᠵᠢᠯᠯᠠᠭ᠎ᠠ ᠨᠢ ᠪᠠᠰᠠ ᠤᠯᠠᠷᠢᠯ ᠰᠠᠷ᠎ᠠ ᠡᠳᠦᠷ ᠴᠢᠨᠠᠭᠰᠢᠯᠠᠪᠠᠯ ᠡᠳᠦᠷ ᠲᠤ ᠴᠠᠭ ᠢᠶᠠᠷ ᠲᠣᠬᠢᠷᠠᠭᠤᠯᠤᠭᠰᠠᠨ ᠲᠣᠭᠲᠠᠭᠰᠠᠨ ᠵᠢᠮ᠎ᠡ ᠶᠣᠰᠣᠭᠠᠷ ᠡᠵᠡᠩᠨᠡᠳᠡᠭ ᠮᠠᠯ ᠮᠠᠯᠵᠢᠯ ᠤᠨ ᠦᠢᠯᠡᠳᠪᠦᠷᠢᠯᠡᠯ ᠤᠨ ᠠᠵᠢᠯᠯᠠᠭ᠎ᠠ ᠪᠠᠶᠢᠳᠠᠭ᠃ ᠲᠡᠳᠡ ᠨᠢᠭᠡ ᠳᠤ᠂ ᠮᠠᠯ ᠰᠦᠷᠦᠭ ᠤᠨ ᠮᠠᠯᠵᠢᠯ ᠤᠨ ᠨᠤᠲᠤᠭ ᠪᠡᠯᠴᠢᠭᠡᠷ ᠢ ᠤᠯᠠᠷᠢᠯ ᠢᠶᠠᠷ ᠲᠣᠬᠢᠷᠠᠭᠤᠯᠬᠤ ᠶᠢᠨ ᠬᠠᠮᠲᠤ᠂ ᠲᠡᠭᠦᠨ ᠤ ᠳᠣᠲᠣᠷ᠎ᠠ ᠳᠥᠷᠪᠡᠨ ᠤᠯᠠᠷᠢᠯ ᠤᠨ ᠬᠡᠷᠡᠭᠯᠡᠬᠦ ᠨᠤᠲᠤᠭ ᠪᠡᠯᠴᠢᠭᠡᠷ ᠤᠨ ᠭᠠᠵᠠᠷ ᠪᠠᠶᠢᠴᠠ᠂ ᠤᠰᠤ ᠤᠮᠳᠠ᠂ ᠡᠪᠡᠰᠦ ᠪᠡᠯᠴᠢᠭᠡᠷ ᠵᠢᠴᠢ ᠦᠢᠯᠡᠳᠪᠦᠷᠢᠯᠡᠯ ᠤᠨ ᠪᠠᠭᠠᠵᠢ ᠬᠡᠷᠡᠭᠰᠡᠯ ᠪᠡᠯᠡᠳᠬᠡᠯ ᠲᠥᠬᠦᠭᠡᠷᠦᠮᠵᠢ ᠶᠢ ᠪᠦᠷᠢ ᠠᠳᠠᠯᠢ ᠦᠭᠡᠢ ᠲᠣᠬᠢᠷᠠᠭᠤᠯᠳᠠᠭ᠃ ᠵᠤᠨ ᠰᠡᠷᠢᠭᠦᠨ ᠰᠠᠶᠢᠬᠠᠨ ᠥᠨᠳᠦᠷᠯᠢᠭ ᠭᠠᠵᠠᠷ᠂ ᠡᠪᠡᠰᠦ ᠨᠣᠭᠤᠭᠠᠨ ᠤ ᠰᠣᠷᠭᠤᠭ ᠨᠠᠷᠢᠨ ᠳᠤ ᠵᠤᠰᠠᠵᠤ᠂ ᠬᠤᠷᠤᠭ᠎ᠠ ᠰᠢᠪᠡᠭᠡ ᠪᠠᠭᠠᠵᠢ ᠬᠡᠷᠡᠭᠰᠡᠯ ᠤᠨ ᠳᠥᠭᠦᠮ ᠬᠢᠯᠪᠠᠷ ᠢ ᠬᠡᠷᠡᠭᠯᠡᠬᠦ ᠳᠤ ᠡᠪᠦᠯ ᠬᠠᠷᠢᠨ ᠨᠥᠮᠥᠷᠢ ᠨᠥᠭᠡᠯ ᠲᠠᠢ᠂ ᠨᠠᠮ ᠬᠤᠲᠣᠭᠤᠷ᠂ ᠰᠢᠭᠤᠷᠭ᠎ᠠ ᠰᠠᠯᠬᠢ ᠢᠷᠡᠬᠦ ᠨᠢ ᠪᠠᠭ᠎ᠠ ᠭᠠᠵᠠᠷ ᠡᠪᠡᠰᠦ ᠪᠡᠯᠴᠢᠭᠡᠷ ᠪᠣᠶᠢᠳᠠ ᠪᠦᠳᠦᠭᠦᠨ ᠳᠤ ᠡᠪᠦᠯᠵᠢᠵᠦ ᠫᠧᠩ ᠰᠠᠷᠠᠪᠴᠢ ᠬᠥᠬᠡ ᠡᠪᠡᠰᠦ ᠵᠡᠷᠭᠡ ᠪᠡᠯᠡᠳᠬᠡᠯ ᠲᠥᠬᠦᠭᠡᠷᠦᠮᠵᠢ ᠶᠢ ᠶᠡᠭᠡ ᠎ ᠪᠠᠷ ᠬᠢᠬᠦ ᠵᠡᠷᠭᠡ ᠁᠃ ᠬᠤᠶᠠᠷ ᠲᠤ᠂ ᠲᠡᠳᠡᠨ ᠤ ᠮᠠᠯᠵᠢᠬᠤ ᠦᠢᠯᠡᠳᠪᠦᠷᠢᠯᠡᠯ ᠨᠢ ᠳᠥᠷᠪᠡᠨ ᠤᠯᠠᠷᠢᠯ ᠳᠤ ᠲᠤᠰ ᠲᠤᠰ ᠲᠤᠨᠢ ᠦᠢᠯᠡᠳᠪᠦᠷᠢᠯᠡᠯ ᠤᠨ ᠵᠠᠩᠭᠢᠯᠠᠭ᠎ᠠ ᠲᠠᠢ ᠪᠠᠶᠢᠵᠤ᠂ ︽ᠨᠠᠮᠤᠷ ᠦᠷᠡᠯᠡᠵᠦ ᠬᠠᠪᠤᠷ ᠬᠤᠷᠢᠶᠠᠬᠤ︾  ᠂ ︽ᠵᠤᠨ ᠪᠡᠯᠡᠳᠬᠡᠬᠦ ᠡᠪᠦᠯ ᠬᠡᠷᠡᠭᠯᠡᠬᠦ︾ ᠭᠡᠬᠦ ᠤᠯᠠᠷᠢᠯ ᠤᠨ ᠠᠵᠢᠯ ᠤᠨ ᠭᠤᠣᠯᠳᠠᠯᠭ᠎ᠠ ᠪᠠᠶᠢᠬᠤ ᠶᠢᠨ ᠬᠠᠮᠲᠤ᠂ ᠤᠯᠠᠷᠢᠯ ᠎ ᠤᠨ ᠳᠣᠲᠣᠷ᠎ᠠ ᠰᠠᠷ᠎ᠠ ᠪᠠᠷ ᠦᠢᠯᠡᠳᠪᠦᠷᠢᠯᠡᠯ ᠤᠨ ᠠᠵᠢᠯᠯᠠᠭ᠎ᠠ ᠪᠠᠨ ᠪᠠᠰᠠ ᠨᠠᠷᠢᠨ ᠪᠠᠶᠢᠷᠢᠯᠠᠭᠤᠯᠳᠠᠭ ᠲᠣᠭᠲᠠᠭᠰᠠᠨ ᠵᠢᠮ᠎ᠡ ᠶᠣᠰᠣ ᠲᠠᠢ᠃ ᠦᠵᠦᠮᠦᠴᠢᠨ ᠳᠤ ᠵᠢᠯ ᠤᠨ 1 ~ 2 ᠰᠠᠷ᠎ᠠ ᠪᠣᠯ ᠮᠠᠯ ᠤᠨ ᠲᠠᠷᠭᠤ ᠬᠠᠮᠠᠭᠠᠯᠠᠬᠤ᠂ ᠬᠡᠭᠡᠯ ᠬᠠᠮᠠᠭᠠᠯᠠᠬᠤ᠂ ᠮᠠᠯ ᠢᠶᠠᠨ ᠬᠠᠮᠠᠭᠠᠯᠠᠬᠤ ︽ᠭᠤᠷᠪᠠᠨ ᠬᠠᠮᠠᠭᠠᠯᠠᠯᠲᠠ︾᠎ ᠶᠢᠨ ᠵᠠᠩᠭᠢᠯᠠᠭ᠎ᠠ᠃ 3 ~ 4 ᠰᠠᠷ᠎ᠠ ᠪᠣᠯ ᠦᠷᠭᠦᠯᠵᠢᠯᠡᠨ ᠵᠤᠳ ᠭᠠᠮᠰᠢᠭ ᠲᠠᠢ ᠲᠡᠮᠡᠴᠡᠵᠦ᠂ ᠮᠠᠯ ᠢᠶᠠᠨ ᠬᠠᠮᠠᠭᠠᠯᠠᠬᠤ ᠶᠢᠨ ᠬᠠᠮᠲᠤ᠂ ᠲᠥᠯ ᠤᠨ ᠪᠡᠯᠡᠳᠬᠡᠯ ᠬᠢᠵᠦ ᠲᠥᠯ ᠲᠣᠰᠴᠤ ᠪᠣᠶᠢᠵᠢᠭᠤᠯᠬᠤ ᠵᠠᠩᠭᠢᠯᠠᠭ᠎ᠠ᠃ 5 ~ 6 ᠰᠠᠷ᠎ᠠ ᠪᠣᠯ ᠭᠠᠷᠤᠯᠲᠠ ᠬᠤᠷᠢᠶᠠᠬᠤ᠂ ᠮᠠᠯ ᠳᠤ ᠤᠰᠤᠨ ᠲᠠᠷᠭᠤ ᠠᠪᠤᠭᠤᠯᠬᠤ᠂ ᠰᠠᠭᠠᠯᠢ ᠰᠠᠭᠠᠵᠤ ᠢᠰᠡᠭᠡᠢ ᠬᠢᠬᠦ ᠵᠡᠷᠭᠡ ᠵᠠᠩᠭᠢᠯᠠᠭ᠎ᠠ᠃ 7 ~ 8 ᠰᠠᠷ᠎ᠠ ᠮᠠᠯ ᠤᠨ ᠲᠣᠰᠣᠨ ᠲᠠᠷᠭᠤ ᠠᠪᠤᠭᠤᠯᠬᠤ᠂ ᠡᠪᠡᠰᠦ ᠬᠠᠳᠤᠯᠠᠩ ᠳᠤ ᠭᠠᠷᠴᠤ ᠬᠠᠳᠤᠵᠤ ᠣᠷᠣᠭᠤᠯᠬᠤ ᠠᠵᠢᠯ ᠤᠨ ᠵᠠᠩᠭᠢᠯᠠᠭ᠎ᠠ᠃ 9 ~10 ᠰᠠᠷ᠎ᠠ ᠦᠷᠭᠦᠯᠵᠢᠯᠡᠨ ᠮᠠᠯ ᠤᠨ ᠲᠣᠰᠣᠨ ᠲᠠᠷᠭᠤ ᠠᠪᠤᠭᠤᠯᠬᠤ᠂ ᠡᠪᠡᠰᠦ ᠬᠠᠳᠤᠯᠠᠩ ᠢᠶᠠᠨ ᠲᠡᠭᠡᠭᠡᠵᠦ ᠣᠷᠣᠭᠤᠯᠬᠤ ᠶᠢᠨ ᠬᠠᠮᠲᠤ ᠫᠧᠩ ᠰᠠᠷᠠᠪᠴᠢ ᠶᠢ ᠪᠦᠬᠦ ᠲᠠᠯ᠎ᠠ ᠪᠠᠷ ᠰᠡᠯᠪᠢᠵᠦ ᠵᠠᠰᠠᠵᠤ᠂ ᠣᠲᠣᠷ ᠨᠡᠭᠦᠳᠡᠯ ᠤᠨ ᠪᠡᠯᠡᠳᠬᠡᠯ ᠢ ᠬᠢᠬᠦ ᠵᠡᠷᠭᠡ ᠵᠠᠩᠭᠢᠯᠠᠭ᠎ᠠ᠃ 11 ~ 12 ᠰᠠᠷ᠎ᠠ ᠢᠳᠡᠰᠢ ᠤᠤᠭᠤᠰᠢ ᠪᠠᠨ ᠢᠳᠡᠵᠦ᠂ ᠡᠪᠦᠯ ᠤᠨ ᠠᠵᠢᠯ ᠳᠠᠭᠠᠨ ᠣᠷᠣᠵᠤ᠂ ᠮᠠᠯ ᠢᠶᠠᠨ ᠬᠠᠮᠠᠭᠠᠯᠠᠬᠤ᠂ ᠲᠠᠷᠭᠤ ᠬᠠᠮᠠᠭᠠᠯᠠᠬᠤ᠂ ᠬᠡᠭᠡᠯ ᠬᠠᠮᠠᠭᠠᠯᠠᠬᠤ ᠪᠦᠬᠦ ᠲᠠᠯ᠎ᠠ ᠶᠢᠨ ᠪᠠᠶᠢᠯᠳᠤᠭᠠᠨ ᠥᠷᠨᠢᠭᠦᠯᠬᠦ ᠵᠠᠩᠭᠢᠯᠠᠭ᠎ᠠ ᠶᠢᠨ ᠴᠠᠭ ᠲᠤ ᠣᠷᠣᠵᠤ ᠡᠨᠡ ᠡᠪᠦᠯ ᠢᠷᠡᠬᠦ ᠬᠠᠪᠤᠷ ᠤᠨ ᠵᠤᠳ ᠲᠠᠢ ᠲᠡᠮᠡᠴᠡᠵᠦ ᠮᠠᠯ ᠢᠶᠠᠨ ᠬᠠᠮᠠᠭᠠᠯᠠᠬᠤ ᠳᠠᠶᠢᠨ ᠡᠬᠢᠯᠡᠳᠡᠭ ᠪᠠᠶᠢᠵᠠᠢ᠃      ᠲᠡᠦᠬᠡᠨ ᠳᠠᠬᠢ ᠦᠵᠦᠮᠦᠴᠢᠨ ᠮᠣᠩᠭᠤᠯᠴᠤᠳ ᠤᠨ ᠮᠠᠯ ᠠᠵᠤ ᠠᠬᠤᠢ ᠶᠢᠨ ᠦᠢᠯᠡᠳᠪᠦᠷᠢᠯᠡᠯ ᠳᠤ ᠠᠪᠤᠭᠰᠠᠨ ᠠᠯᠢ ᠣᠯᠠᠨ ᠠᠷᠭ᠎ᠠ ᠬᠡᠮᠵᠢᠶ᠎ᠡ ᠨᠢ᠂ ᠲᠤᠬᠠᠢ ᠶᠢᠨ ᠨᠡᠶᠢᠭᠡᠮ ᠤᠨ ᠦᠢᠯᠡᠳᠪᠦᠷᠢᠯᠡᠯ ᠤᠨ ᠬᠦᠴᠦᠨ ᠤ ᠬᠢᠷᠢ ᠬᠡᠮᠵᠢᠶ᠎ᠡ ᠨᠡᠶᠢᠳᠡᠮ ᠬᠤᠴᠣᠷᠤᠩᠭᠤᠢ ᠪᠠᠶᠢᠭᠰᠠᠨ ᠨᠥᠬᠦᠴᠡᠯ ᠳᠣᠣᠷ᠎ᠠ᠂ ᠥᠪᠡᠷ ᠤᠨ ᠦᠢᠯᠡᠳᠪᠦᠷᠢᠯᠡᠬᠦ ᠬᠦᠴᠦᠨ ᠤ ᠬᠢᠷᠢ ᠬᠡᠮᠵᠢᠶ᠎ᠡ ᠳᠤ ᠵᠣᠬᠢᠴᠠᠭᠰᠠᠨ ᠢᠶᠠᠷ ᠪᠠᠷᠠᠬᠤ ᠦᠭᠡᠢ ᠠᠯᠬᠤᠮ ᠠᠯᠬᠤᠮ ᠢᠶᠠᠷ ᠤᠯᠠᠮᠵᠢᠯᠠᠯᠲᠤ ᠲᠤᠷᠰᠢᠯᠭ᠎ᠠ ᠶᠢᠨ ᠰᠠᠭᠤᠷᠢ ᠳᠡᠭᠡᠷ᠎ᠡ ᠳᠡᠪᠰᠢᠵᠦ᠂ ᠤᠯᠠᠮ ᠪᠦᠷᠢᠨᠰᠢᠨ ᠲᠡᠭᠦᠯᠳᠡᠷᠵᠢᠨ ᠲᠠᠰᠤᠷᠠᠯᠲᠠ ᠦᠭᠡᠢ ᠬᠥᠭᠵᠢᠭᠰᠡᠭᠡᠷ ᠢᠷᠠᠵᠠᠢ᠃ ᠲᠡᠷᠡ ᠨᠢ᠂ ᠦᠵᠦᠮᠦᠴᠢᠨ ᠤ ᠨᠡᠶᠢᠭᠡᠮ ᠤᠨ ᠤᠷᠲᠤ ᠬᠤᠭᠤᠴᠠᠭ᠎ᠠ ᠪᠠᠷ ᠲᠣᠭᠲᠠᠭᠤᠨ᠂ ᠪᠠᠶᠠᠨ ᠴᠢᠨᠡᠭᠡᠯᠢᠭ᠂ ᠬᠥᠭᠵᠢᠯ ᠳᠠᠪᠰᠢᠯᠲᠠ ᠲᠠᠢ ᠪᠠᠶᠢᠬᠤ ᠦᠨᠳᠦᠰᠦᠨ ᠨᠥᠬᠦᠴᠡᠯ ᠪᠣᠯᠣᠭᠰᠠᠨ ᠪᠠᠶᠢᠨ᠎ᠠ᠃ ᠶᠠᠭ ᠡᠶᠢᠮᠦ ᠠᠴᠠ ᠦᠵᠦᠮᠦᠴᠢᠨ ᠤ ᠲᠡᠦᠬᠡᠨ ᠳᠤ ᠭᠠᠳᠠᠭᠰᠢ ᠭᠤᠶᠢᠷᠠᠨᠴᠢᠯᠠᠭᠴᠢ ᠭᠠᠷᠤᠭᠰᠠᠨ ᠦᠭᠡᠢ ᠭᠡᠳᠡᠭ ᠪᠥᠭᠡᠳ ᠬᠤᠷᠸ᠎ᠠ ᠳᠤ ︽ᠦᠵᠦᠮᠦᠴᠢᠨ ᠪᠠᠶᠠᠨ︾ ᠭᠡᠵᠦ ᠠᠯᠳᠠᠷᠰᠢᠵᠠᠢ᠃ ᠲᠡᠦᠬᠡ ᠪᠠᠷ ᠦᠵᠡᠪᠡᠯ᠂ ᠦᠵᠦᠮᠦᠴᠢᠨ ᠤ ᠤᠯᠠᠮᠵᠢᠯᠠᠯᠲᠤ ᠮᠠᠯ ᠠᠵᠤ ᠠᠬᠤᠢ ᠶᠢᠨ ᠦᠢᠯᠡᠳᠪᠦᠷᠢᠯᠡᠯ ᠪᠣᠯ ᠨᠢᠭᠡᠨ ᠡᠷᠲᠡᠨ ᠠᠴᠠ ᠬᠥᠭᠵᠢᠯᠲᠡ ᠶᠢᠨ ᠢᠷᠡᠭᠡᠳᠦᠢ ᠲᠠᠢ ᠮᠠᠯ ᠠᠵᠤ ᠠᠬᠤᠢ ᠶᠢᠨ ᠦᠢᠯᠡᠳᠪᠦᠷᠢᠯᠡᠯ ᠪᠠᠶᠢᠵᠠᠢ᠃       ︽ᠦᠵᠦᠮᠦᠴᠢᠨ ᠮᠣᠩᠭᠤᠯᠴᠤᠳ︾ ︵ᠭᠤ᠂ ᠷᠠᠬᠸ᠎ᠠ︶      
 
ᠢᠷᠡᠯᠲᠡ᠄ ︽ᠦᠵᠦᠮᠦᠴᠢᠨ ᠮᠣᠩᠭᠤᠯᠴᠤᠳ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号