ᠪᠠᠷᠠᠭᠤᠨ ᠦᠵᠦᠮᠦᠴᠢᠨ ᠬᠤᠰᠢᠭᠤ 2018 ᠣᠨ ᠤ ᠦᠵᠦᠮᠦᠴᠢᠨ ᠡᠪᠦᠯ ᠤᠨ ᠨᠠᠶᠢᠷ — ᠲᠠᠯ᠎ᠠ ᠨᠤᠲᠤᠭ  ᠤᠨ ᠰᠣᠶᠣᠯ ᠵᠢᠭᠤᠯᠴᠢᠯᠠᠯ ᠤᠨ ᠰᠢᠨ᠎ᠡ ᠣᠨ ᠤ ᠨᠠᠭᠠᠳᠣᠮ ᠤᠨ ᠳᠠᠶᠢᠴᠢᠯᠠᠯᠲᠠ ᠶᠢᠨ ᠬᠤᠷᠠᠯ ᠬᠤᠷᠠᠯᠳᠣᠭᠰᠠᠨ
ᠨᠡᠶᠢᠲᠡᠯᠡᠭᠰᠡᠨ ᠴᠠᠭ᠄
2017-11-23
   11 ᠰᠠᠷ᠎ᠠ ᠶᠢᠨ 21 ᠤ ᠡᠳᠦᠷ᠂ ᠮᠠᠨ ᠤ ᠬᠤᠰᠢᠭᠤ ᠨᠢ 2018 ᠤᠨ ᠤ ᠦᠵᠦᠮᠦᠴᠢᠨ ᠡᠪᠦᠯ ᠤᠨ ᠨᠠᠶᠢᠷ — ᠲᠠᠯ᠎ᠠ ᠨᠤᠲᠤᠭ  ᠤᠨ ᠰᠣᠶᠣᠯ ᠵᠢᠭᠤᠯᠴᠢᠯᠠᠯ   ᠤᠨ ᠰᠢᠨ᠎ᠡ ᠣᠨ ᠤ ᠨᠠᠭᠠᠳᠣᠮ ᠤᠨ ᠳᠠᠶᠢᠴᠢᠯᠠᠯᠲᠠ ᠶᠢᠨ ᠬᠤᠷᠠᠯ  ᠬᠤᠷᠠᠯᠳᠣᠵᠦ᠂ ᠨᠠᠶᠢᠷ ᠤᠨ ᠪᠡᠯᠡᠳᠭᠡᠯ ᠠᠵᠢᠯ ᠳᠤ ᠪᠠᠶᠢᠷᠢᠯᠠᠭᠤᠯᠤᠯᠲᠠ ᠬᠢᠵᠡᠢ᠃    ᠬᠤᠷᠠᠯ ᠳᠡᠭᠡᠷ᠎ᠡ᠂ ᠬᠤᠰᠢᠭᠤ ᠤᠯᠤᠰ ᠲᠦᠷᠦ ᠶᠢᠨ ᠵᠦᠪᠯᠡᠯᠭᠡᠨ ᠤ ᠲᠡᠷᠢᠭᠦᠯᠡᠭᠴᠢ ᠮᠦᠩᠬᠡ ᠨᠠᠶᠢᠷ   ᠤᠨ ᠡᠯ᠎ᠠ ᠲᠦᠷᠦᠯ ᠤᠨ ᠣᠷᠣᠯᠳᠣᠭᠠᠨ ᠤ ᠲᠣᠬᠢᠷᠠᠭᠤᠯᠤᠯᠲᠠ᠂ ᠡᠬᠢᠯᠡᠯᠲᠡ ᠶᠢᠨ ᠶᠣᠰᠣᠯᠠᠯ ᠤᠨ ᠠᠯᠬᠤᠮ ᠳᠠᠷᠠᠭ᠎ᠠ᠂ ᠰᠣᠶᠣᠯ ᠲᠠᠮᠢᠷ ᠤᠨ ᠠᠵᠢᠯᠯᠠᠭ᠎ᠠ ᠪᠣᠯᠣᠨ ᠠᠮᠣᠷ ᠢ ᠬᠠᠮᠠᠭᠠᠯᠠᠬᠤ ᠠᠵᠢᠯ᠂ ᠬᠦᠯᠢᠶᠡᠨ ᠵᠤᠴᠢᠯᠠᠬᠤ ᠵᠡᠷᠭᠡ ᠠᠵᠢᠯ ᠳᠤ ᠪᠦᠬᠦ ᠲᠠᠯ᠎ᠠ ᠪᠠᠷ ᠪᠠᠶᠢᠷᠢᠯᠠᠭᠤᠯᠤᠯᠲᠠ ᠬᠢᠭᠰᠡᠨ ᠤ ᠬᠠᠮᠲᠦ᠂ ᠨᠠᠶᠢᠷ ᠤᠨ ᠬᠠᠮᠢᠶ᠎ᠠ ᠪᠦᠬᠦᠢ ᠨᠠᠷᠢᠨ ᠵᠦᠯᠡᠰ ᠪᠣᠯᠣᠨ ᠪᠣᠲᠠᠲᠠᠢ ᠠᠰᠠᠭᠤᠳᠠᠯ ᠤᠨ ᠲᠣᠭᠤᠷᠢᠨ ᠳᠤ ᠬᠤᠷᠠᠯ ᠳᠤ ᠣᠷᠣᠯᠴᠠᠭᠰᠠᠳ ᠲᠠᠢ ᠰᠠᠨᠠᠯ ᠪᠣᠳᠣᠯ ᠢᠶᠠᠨ ᠰᠣᠯᠢᠯᠴᠠᠵᠡᠢ᠃    ᠤᠶᠢᠯᠭᠠᠬᠰᠠᠨ ᠢᠶᠠᠷ᠂ 2018 ᠤᠨ ᠤ ᠦᠵᠦᠮᠦᠴᠢᠨ ᠡᠪᠦᠯ  ᠤᠨ ᠨᠠᠶᠢᠷ — ᠲᠠᠯ᠎ᠠ ᠨᠤᠲᠤᠭ   ᠤᠨ ᠰᠣᠶᠣᠯ  ᠵᠢᠭᠤᠯᠴᠢᠯᠠᠯ   ᠤᠨ ᠰᠢᠨ᠎ᠡ ᠣᠨ ᠤ ᠨᠠᠭᠠᠳᠣᠮ ᠨᠢ2018 ᠤᠨ ᠤ 1 ᠰᠠᠷ᠎ᠠ ᠶᠢᠨ 1 ᠤ ᠡᠳᠦᠷ ᠠᠴᠠ 8 ᠤ ᠡᠳᠦᠷ ᠪᠣᠯᠲᠠᠯ᠎ᠠ ᠶᠠᠪᠤᠭᠳᠠᠵᠦ᠂  ︽ᠦᠵᠦᠮᠦᠴᠢᠨ ᠬᠤᠨᠳᠠᠭᠠᠳᠦ︾ ᠪᠦᠬᠦ ᠬᠤᠰᠢᠭᠤᠨ ᠤ ᠪᠡᠶ᠎ᠡ ᠴᠢᠬᠢᠷᠠᠭᠵᠢᠭᠤᠯᠬᠤ ᠠᠭᠤᠳᠠᠮ ᠲᠠᠯᠠᠪᠠᠢ ᠶᠢᠨ ᠪᠦᠵᠢᠭ   ᠤᠨ ᠣᠷᠣᠯᠳᠣᠭᠠᠨ᠂ ᠨᠠᠰᠣᠲᠠᠶᠢᠴᠣᠳ  ᠤᠨ ᠪᠡᠶ᠎ᠡ ᠲᠠᠮᠢᠷ ᠤᠨ ᠰᠤᠯᠢᠯᠴᠠᠭᠠᠨ ᠤ ᠠᠵᠢᠯᠯᠠᠭ᠎ᠠ᠂ ᠦᠵᠦᠮᠦᠴᠢᠨ ᠵᠤᠬᠢᠶᠠᠯ ᠤᠨ ᠳᠠᠭᠤᠨ ᠤ ᠣᠷᠣᠯᠳᠣᠭᠠᠨ᠂ ᠳᠠᠭᠤᠯᠠᠯᠲᠦ ᠵᠦᠴᠦᠭᠡ ︽ᠡᠭᠦᠷ ᠰᠡᠭᠦᠯᠲᠦ ︾ ᠶᠢᠨ ᠲᠣᠰᠬᠠᠢ ᠲᠠᠯᠠᠪᠦᠷ ᠤᠨ ᠲᠣᠭᠯᠠᠯᠲᠠ᠂ ᠴᠢᠩᠭᠢᠰ ᠤᠨ ᠴᠠᠭᠠᠨ ᠠᠳᠣᠭᠤᠨ ᠤ ᠮᠠᠭᠲᠠᠭᠠᠯ ᠳᠠᠭᠤᠨ ᠤ ᠦᠳᠡᠰᠢᠯᠡᠭᠡ ᠵᠢᠴᠢ ᠦᠵᠦᠮᠦᠴᠢᠨ ᠵᠤᠬᠢᠶᠠᠯ ᠤᠨ ᠳᠠᠭᠤᠨ ᠤ ᠣᠷᠣᠯᠳᠣᠭᠠᠨ ᠤ ᠱᠠᠩᠨᠠᠯ ᠤᠯᠭᠤᠬᠤ ᠦᠳᠡᠰᠢᠯᠡᠭᠡ᠂ ᠦᠨᠳᠦᠰᠦᠲᠡᠨ ᠤ ᠲᠠᠸᠠᠷ ᠤᠨ ᠳᠡᠯᠭᠡᠨ ᠦᠵᠡᠭᠦᠯᠦᠭᠡ ᠪᠣᠯᠣᠨ ᠳᠣᠮᠳᠠᠳᠦ ᠮᠣᠩᠭᠤᠯ ᠣᠷᠣᠰ ᠤᠨ ᠲᠠᠸᠠᠷ ᠤᠨ ᠳᠡᠯᠭᠡᠨ ᠪᠣᠷᠣᠯᠠᠭᠤᠯᠭ᠎ᠠ᠂ ︽ᠦᠵᠦᠮᠦᠴᠢᠨ ᠬᠤᠨᠳᠠᠭᠠᠳᠦ︾ ᠮᠣᠩᠭᠤᠯ ᠦᠨᠳᠦᠰᠦᠲᠡᠨ ᠤ ᠬᠤᠪᠴᠠᠰᠦ ᠵᠠᠰᠠᠯ ᠤᠨ ᠣᠷᠣᠯᠳᠣᠭᠠᠨ᠂ ᠠᠩᠬᠠᠳᠣᠭᠠᠷ ᠬᠤᠭᠤᠴᠠᠭᠠᠨ ᠤ ︽ᠦᠵᠦᠮᠦᠴᠢᠨ ᠬᠤᠨᠳᠠᠭᠠᠲᠦ︾ ᠭᠡᠷᠡᠯ ᠵᠢᠷᠤᠭ ᠤᠨ ᠣᠷᠣᠯᠳᠣᠭᠠᠨ ᠵᠢᠴᠢ ᠭᠡᠷᠡᠯ ᠵᠢᠷᠤᠭ ᠤᠨ ᠦᠵᠡᠭᠦᠯᠦᠭᠡ᠂ ᠠᠷᠪᠠᠨ ᠨᠢᠭᠡᠳᠦᠭᠡᠷ ᠬᠤᠭᠤᠴᠠᠭᠠᠨ ᠤ ᠦᠵᠦᠮᠦᠴᠢᠨ ᠠᠳᠣᠭᠤᠨ ᠰᠣᠶᠣᠯ ᠤᠨ ᠨᠠᠶᠢᠷ᠂ ︽ᠦᠵᠦᠮᠦᠴᠢᠨ ᠬᠤᠨᠳᠠᠭᠠᠲᠦ︾ ᠣᠯᠠᠮᠵᠢᠯᠠᠯᠲᠦ ᠰᠣᠷ ᠬᠠᠷᠪᠣᠯᠲᠠ ᠶᠢᠨ ᠣᠷᠣᠯᠳᠣᠭᠠᠨ  ᠂ ︽ᠦᠵᠦᠮᠦᠴᠢᠨ ᠬᠤᠨᠳᠠᠭᠠᠲᠦ︾ 2018 ᠤᠨ ᠤ ᠪᠦᠬᠦ ᠠᠶᠢᠮᠠᠭ ᠤᠨ ᠴᠠᠰᠥ ᠭᠤᠯᠭᠤᠯᠲᠠ᠂ ᠮᠦᠰᠦ ᠲᠠᠰᠢᠯᠲᠠ ᠶᠢᠨ ᠣᠷᠣᠯᠳᠣᠭᠠᠨ᠂ ︽ᠦᠵᠦᠮᠦᠴᠢᠨ ᠬᠤᠨᠳᠠᠭᠠᠲᠦ︾ ᠪᠦᠬᠦ ᠬᠤᠰᠢᠭᠤᠨ ᠤ ᠫᠢᠩᠫᠠᠩ ᠪᠦᠮᠪᠦᠭᠡ ᠶᠢᠨ ᠣᠷᠣᠯᠳᠣᠭᠠᠨ᠂ ᠶᠢᠰᠦᠳᠦᠭᠡᠷ ᠬᠤᠭᠤᠴᠠᠭᠠᠨ ᠤ ᠦᠵᠦᠮᠦᠴᠢᠨ ᠲᠡᠮᠡᠭᠡᠨ ᠰᠣᠶᠣᠯ ᠤᠨ ᠨᠠᠶᠢᠷ᠂ ︽ᠦᠵᠦᠮᠦᠴᠢᠨ ᠬᠤᠨᠳᠠᠭᠠᠲᠦ︾ ᠪᠦᠬᠡ ᠶᠢᠨ ᠨᠠᠶᠢᠷ ᠵᠡᠷᠭᠡ ᠣᠯᠠᠨ ᠠᠭᠤᠯᠭ᠎ᠠ  ᠬᠡᠯᠪᠡᠷᠢ ᠶᠢ ᠬᠠᠮᠣᠷᠴᠦ᠂ ᠠᠵᠢᠯᠯᠠᠭᠠᠨ ᠤ ᠤᠳᠬ᠎ᠠ ᠠᠭᠤᠯᠭᠠᠲᠦ ᠴᠢᠨᠠᠷ ᠪᠣᠯᠣᠨ ᠤᠯᠠᠨ ᠲᠦᠮᠡᠨᠴᠢ ᠣᠷᠣᠯᠴᠠᠯᠭ᠎ᠠ ᠶᠢ ᠴᠢᠨᠠᠭᠰᠢᠳᠠ  ᠴᠢᠩᠭᠠᠳᠬᠠᠭᠰᠠᠨ ᠪᠠᠶᠢᠨ᠎ᠠ᠃    2018 ᠤᠨ ᠤ ᠦᠵᠦᠮᠦᠴᠢᠨ ᠡᠪᠦᠯ ᠤᠨ ᠨᠠᠶᠢᠷ — ᠲᠠᠯ᠎ᠠ ᠨᠣᠲᠤᠭ ᠤᠨ ᠰᠣᠶᠣᠯ ᠵᠢᠭᠤᠯᠴᠢᠯᠠᠯ ᠤᠨ ᠰᠢᠨ᠎ᠡ ᠣᠨ ᠤ ᠨᠠᠭᠠᠳᠣᠮ ᠤᠨ ᠵᠤᠬᠢᠶᠠᠨ ᠪᠠᠶᠢᠭᠤᠯᠤᠯᠲᠠ ᠣᠳᠣᠷᠢᠳᠣᠯᠭ᠎ᠠ ᠪᠠᠨ ᠴᠢᠩᠭᠠᠳᠬᠠᠨ᠂ ᠠᠵᠢᠯᠯᠠᠭᠠᠨ ᠤ ᠠᠮᠵᠢᠯᠲᠠᠲᠠᠢ ᠶᠠᠪᠣᠭᠳᠠᠬᠤ ᠶᠢ ᠪᠠᠲᠣᠯᠠᠬᠤ ᠶᠢᠨ ᠲᠣᠰᠠᠳᠠ᠂ ᠮᠠᠨ ᠤ ᠬᠤᠰᠢᠭᠤ ᠨᠢ ᠨᠠᠶᠢᠷ ᠤᠨ ᠪᠡᠯᠡᠳᠭᠡᠯ ᠠᠵᠢᠯ ᠤᠨ ᠵᠤᠬᠢᠶᠠᠨ ᠪᠠᠶᠢᠭᠤᠯᠬᠤ ᠵᠦᠪᠯᠡᠯ ᠢ ᠪᠠᠶᠢᠭᠤᠯᠤᠨ᠂ ᠵᠦᠪᠯᠡᠯ ᠤᠨ ᠳᠣᠲᠣᠷ᠎ᠠ ᠪᠠᠨ ᠶᠡᠷᠦᠩᠬᠡᠶᠢᠯᠡᠭᠰᠡᠨ ᠬᠠᠮᠵᠢᠯᠴᠠᠭᠠᠨ ᠤ ᠳᠣᠭᠤᠶᠢᠯᠠᠩ᠂ ᠬᠦᠯᠢᠶᠡᠨ ᠵᠤᠴᠢᠯᠠᠬᠤ ᠳᠣᠭᠤᠶᠢᠯᠠᠩ᠂ ᠣᠷᠣᠯᠳᠣᠭᠠᠨ ᠤ ᠶᠠᠪᠣᠳᠠᠯ ᠤᠨ ᠳᠣᠭᠤᠶᠢᠯᠠᠩ᠂ ᠠᠵᠢᠯᠯᠠᠭᠠᠨ ᠤ ᠲᠠᠯᠠᠪᠣᠷ ᠤᠨ ᠳᠣᠭᠤᠶᠢᠯᠠᠩ᠂ ᠠᠮᠣᠷ ᠢ ᠬᠠᠮᠠᠭᠠᠯᠠᠬᠤ ᠳᠣᠭᠤᠶᠢᠯᠠᠩ᠂ ᠰᠣᠨᠢᠨ ᠮᠡᠳᠡᠭᠡ ᠣᠬᠠᠭᠤᠯᠭ᠎ᠠ ᠶᠢᠨ ᠳᠣᠭᠤᠶᠢᠯᠠᠩ ᠪᠣᠯᠣᠨ ᠡᠮ ᠡᠮᠴᠢᠯᠡᠭᠡ ᠢᠳᠡᠭᠡᠨ ᠤ ᠠᠮᠣᠷ ᠲᠦᠪᠰᠢᠨ ᠤ ᠳᠣᠭᠤᠶᠢᠯᠠᠩ ᠭᠡᠬᠦ ᠵᠡᠷᠭᠡ ᠲᠣᠰᠬᠠᠢ ᠠᠵᠢᠯ ᠤᠨ ᠳᠣᠭᠤᠶᠢᠯᠠᠩ ᠬᠤᠪᠢᠶᠠᠵᠦ᠂ 2018 ᠣᠨ ᠤ ᠦᠵᠦᠮᠦᠴᠢᠨ ᠡᠪᠦᠯ  ᠤᠨ ᠨᠠᠶᠢᠷ — ᠲᠠᠯ᠎ᠠ ᠨᠤᠲᠤᠭ   ᠤᠨ ᠰᠣᠶᠣᠯ  ᠵᠢᠭᠤᠯᠴᠢᠯᠠᠯ   ᠤᠨ ᠰᠢᠨ᠎ᠡ ᠣᠨ ᠤ ᠨᠠᠭᠠᠳᠣᠮ  ᠤᠨ ᠡᠯ᠎ᠡ ᠲᠦᠷᠦᠯ ᠤᠨ ᠪᠡᠯᠡᠳᠭᠡᠯ ᠠᠵᠢᠯ ᠢ ᠰᠠᠶᠢᠲᠣᠷ ᠬᠢᠵᠦ ᠪᠠᠶᠢᠨ᠎ᠠ᠃    ᠬᠤᠷᠠᠯ ᠠᠴᠠ ᠬᠠᠮᠢᠶ᠎ᠠ ᠪᠦᠬᠦᠢ ᠰᠠᠯᠠᠭ᠎ᠠ ᠮᠦᠴᠢᠷ ᠨᠢ ᠦᠵᠡᠯᠲᠡ ᠲᠠᠨᠢᠯᠲᠠ ᠪᠠᠨ ᠳᠡᠭᠡᠭᠰᠢᠯᠡᠭᠦᠯᠦᠨ᠂ ᠪᠦᠬᠦ ᠬᠤᠰᠢᠭᠤᠨ ᠤ ᠴᠠᠰᠦ ᠮᠦᠰᠦᠨ ᠤ ᠰᠣᠶᠣᠯ ᠤᠨ ᠬᠦᠭᠵᠢᠯᠲᠡ ᠶᠢᠨ ᠪᠠᠶᠢᠳᠠᠯ ᠳᠤ ᠵᠠᠳᠠᠯᠤᠯᠲᠠ ᠬᠢᠵᠦ᠂ ᠣᠷᠣᠨ ᠨᠣᠲᠤᠭ ᠤᠨ ᠰᠣᠶᠣᠯ ᠵᠠᠩᠰᠢᠯ ᠪᠣᠯᠣᠨ ᠦᠩᠭᠡ ᠦᠵᠡᠮᠵᠢ ᠶᠢ ᠭᠦᠢᠴᠡᠳ ᠳᠣᠪᠣᠶᠢᠯᠭᠠᠨ᠂ ᠠᠵᠢᠯᠯᠠᠭᠠᠨ ᠤ ᠰᠣᠨᠢᠷᠬᠠᠯᠲᠦ ᠴᠢᠨᠠᠷ ᠪᠣᠯᠣᠨ ᠤᠯᠠᠨ ᠲᠦᠮᠡᠨᠴᠢ ᠴᠢᠨᠠᠷ ᠢ ᠲᠠᠰᠣᠷᠠᠯᠲᠠ ᠦᠭᠡᠢ ᠳᠡᠭᠡᠭᠰᠢᠯᠡᠭᠦᠯᠵᠦ᠂  ᠣᠯᠠᠨ ᠲᠦᠮᠡᠨ ᠤ ᠰᠣᠶᠣᠯ ᠲᠠᠮᠢᠷ ᠤᠨ ᠱᠠᠭᠠᠷᠳᠠᠯᠭ᠎ᠠ ᠶᠢ ᠬᠠᠩᠭᠠᠨ᠂ ᠣᠷᠣᠨ ᠨᠣᠲᠤᠭ ᠤᠨ ᠵᠢᠭᠤᠯᠴᠢᠯᠠᠯ ᠤᠨ ᠬᠦᠭᠵᠢᠯᠲᠡ ᠶᠢ ᠲᠦᠯᠬᠢᠨ ᠠᠬᠢᠭᠤᠯᠬᠤ ᠬᠡᠷᠡᠭᠲᠡᠢ᠃ ᠡᠭᠦᠨ ᠤ ᠬᠠᠮᠲᠦ᠂ ᠨᠠᠶᠢᠷ ᠤᠨ ᠡᠮᠦᠨᠡᠬᠢ ᠬᠤᠭᠤᠴᠠᠭᠠᠨ ᠤ ᠣᠬᠠᠭᠤᠯᠭ᠎ᠠ ᠰᠣᠷᠲᠠᠯᠴᠢᠯᠠᠭ᠎ᠠ᠂ ᠠᠶᠤᠯ ᠤᠨ ᠭᠡᠮ ᠰᠣᠭᠤᠭ ᠢ ᠪᠠᠶᠢᠴᠠᠭᠠᠬᠤ᠂ ᠵᠠᠮ ᠱᠤᠭᠤᠮ ᠢ ᠰᠢᠯᠤᠭᠤᠳᠬᠠᠬᠤ᠂ ᠣᠰᠤ ᠴᠠᠬᠢᠯᠭᠠᠨ ᠳᠣᠯᠠᠭᠠᠯᠭ᠎ᠠ ᠵᠡᠷᠭᠡ ᠬᠠᠮᠢᠶ᠎ᠠ ᠪᠦᠬᠦᠢ ᠪᠡᠯᠡᠳᠭᠡᠯ ᠠᠵᠢᠯ ᠢ ᠰᠠᠶᠢᠲᠣᠷ ᠬᠢᠵᠦ᠂ ᠠᠵᠢᠯᠯᠠᠭᠠᠨ ᠤ ᠪᠦᠬᠦᠶᠢᠯᠡ ᠶᠠᠪᠣᠴᠠ ᠶᠢᠨ ᠤᠷᠤᠭᠰᠢᠲᠠᠢ ᠶᠠᠪᠤᠭᠳᠠᠬᠤ ᠶᠢ ᠪᠠᠲᠣᠯᠠᠬᠤ ᠬᠡᠷᠡᠭᠲᠡᠢ ᠭᠡᠵᠡᠢ᠃
 
ᠢᠷᠡᠯᠲᠡ᠄ ᠬᠤᠰᠢᠭᠤ ᠷᠠᠳᠢᠤ᠋ ᠲᠧᠯᠸᠢᠰ ᠬᠤᠷᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号